ᠪᠠᠩᠬᠢ ᠨᠤᠭᠤᠳ ᠦᠢᠯᠡᠴᠢᠯᠡᠭᠡᠨ ᠦ ᠪᠡᠨ 90ᠬᠤᠪᠢ ᠶᠢ ᠴᠠᠬᠢᠮ ᠳᠤ ᠰᠢᠯᠵᠢᠭᠦᠯᠵᠡᠢ  | News.MN

ᠪᠠᠩᠬᠢ ᠨᠤᠭᠤᠳ ᠦᠢᠯᠡᠴᠢᠯᠡᠭᠡᠨ ᠦ ᠪᠡᠨ 90ᠬᠤᠪᠢ ᠶᠢ ᠴᠠᠬᠢᠮ ᠳᠤ ᠰᠢᠯᠵᠢᠭᠦᠯᠵᠡᠢ 

ᠮᠣᠩᠭᠣᠯ ᠤᠨ ᠪᠠᠩᠬᠢᠨ ᠤ ᠰᠠᠯᠪᠤᠷᠢ ᠵᠢᠯ ᠳᠦ 100 ᠣᠷᠴᠢᠮ ᠰᠠᠶ᠎ᠠ ᠳ᠋ᠣᠯᠯᠠᠷ ᠢ ᠲᠧᠭᠨᠣᠯᠣᠭᠢ ᠶᠢᠨ ᠰᠢᠨᠡᠴᠢᠯᠡᠯ ᠳᠦ ᠬᠥᠷᠥᠩᠭᠡ ᠣᠷᠣᠭᠤᠯᠤᠭᠰᠠᠨ ᠢᠶᠠᠷ ᠠᠷᠠᠯᠵᠢᠶᠠᠨ ᠤ ᠪᠠᠩᠬᠢ ᠨᠤᠭᠤᠳ ᠤᠨ ᠦᠢᠯᠡᠴᠢᠯᠡᠭᠡᠨ ᠦ 90 ᠬᠤᠪᠢ ᠴᠠᠬᠢᠮ ᠪᠣᠯᠵᠠᠢ᠃ ᠮᠣᠩᠭᠣᠯ ᠤᠨ ᠪᠠᠩᠬᠢᠨ ᠤ ᠬᠣᠯᠪᠣᠭᠠᠨ ᠤ ᠭᠦᠢᠴᠡᠳᠭᠡᠬᠦ ᠵᠠᠬᠢᠷᠤᠯ ᠯ᠂ ᠠᠮᠤᠷ᠄ ᠴᠠᠷ᠎ᠠ ᠲᠠᠬᠤᠯ ᠤᠨ ᠦᠶ᠎ᠡ ᠳᠦ ᠪᠦᠬᠦ ᠨᠡᠶᠢᠲᠡ ᠶᠢᠨ ᠪᠡᠯᠡᠨ ᠪᠠᠶᠢᠳᠠᠯ ᠤᠨ ᠵᠡᠷᠭᠡ ᠳᠦ ᠰᠢᠯᠵᠢᠭᠰᠡᠨ ᠲᠡᠢ ᠬᠣᠯᠪᠣᠭ᠎ᠠ ᠲᠠᠢ ᠪᠠᠩᠬᠢ ᠴᠤ ᠭᠡᠰᠡᠨ ᠬᠦᠨᠳᠦ ᠨᠥᠬᠥᠴᠡᠯ ᠳᠦ ᠪᠠᠶᠢᠭ᠎ᠠ᠃ ᠶᠡᠬᠡᠩᠬᠢ ᠦᠢᠯᠡᠴᠢᠯᠡᠭᠡ ᠴᠠᠬᠢᠮᠵᠢᠵᠦ᠂ ᠬᠠᠷᠢᠯᠴᠠᠭᠴᠢᠳ ᠦᠢᠯᠡᠴᠢᠯᠡᠭᠦᠯᠦᠭᠡᠳ ᠳᠠᠳᠤᠭᠰᠠᠨ᠃ ᠲᠣᠳᠣᠷᠬᠠᠢ ᠲᠣᠭᠠᠨ ᠤ ᠪᠤᠶᠤ ᠲᠤᠬᠠᠶᠢᠯᠠᠪᠠᠯ᠂ ᠬᠠᠯᠠᠮᠵᠢ ᠠᠪᠳᠠᠭ ᠢᠷᠭᠡᠳ ᠦᠨ 10 ᠬᠤᠪᠢ ᠨᠢ ᠪᠠᠩᠬᠢᠨ ᠤ ᠰᠠᠯᠪᠤᠷᠢ ᠪᠠᠷ ᠦᠢᠯᠡᠴᠢᠯᠡᠭᠦᠯᠳᠡᠭ ᠃ ᠡᠳᠡᠭᠡᠷ ᠢᠷᠭᠡᠨ ᠳᠦ ᠪᠠᠩᠬᠢᠨ ᠤ ᠦᠢᠯᠡᠴᠢᠯᠡᠭᠡ ᠶᠢ ᠴᠠᠬᠢᠮ ᠢᠶᠠᠷ ᠬᠦᠷᠭᠡᠬᠦ ᠶᠢᠨ ᠲᠤᠯᠠᠳᠠ ᠪᠠᠩᠬᠢ ᠨᠤᠭᠤᠳ ᠤᠨ ᠲᠥᠯᠥᠪᠦᠷᠢ ᠲᠣᠭᠠᠴᠠᠭᠠᠨ ᠤ ᠲᠥᠪ ᠺᠠᠷᠲ ᠨᠡᠭᠡᠭᠡᠵᠦ᠂ ᠲᠦᠭᠡᠭᠡᠵᠦ ᠪᠠᠶᠢᠨ᠎ᠠ᠃ ᠪᠠᠩᠬᠢᠨ ᠤ ᠺᠠᠷᠲ ᠢ ᠰᠢᠤᠳᠠᠨ ᠢᠶᠠᠷ ᠬᠦᠷᠭᠡᠬᠦ ᠪᠣᠯᠤᠮᠵᠢ ᠲᠠᠢ ᠭᠡᠪᠡ᠃
ᠬᠡᠦᠬᠡᠳ ᠦᠨ ᠮᠥᠩᠭᠥᠨ ᠦ ᠲᠤᠬᠠᠢ ᠳᠤ 441 ᠮᠢᠩᠭᠠᠨ ᠬᠠᠷᠢᠯᠴᠠᠭᠴᠢ ᠳᠠᠩᠰᠠ ᠪᠠᠷ᠂ 5000 ᠢᠷᠭᠡᠨ ᠪᠠᠩᠬᠢᠨ ᠤ ᠰᠠᠯᠪᠤᠷᠢ ᠠᠴᠠ ᠠᠪᠳᠠᠭ᠃ ᠴᠠᠬᠢᠮ ᠢᠶᠠᠷ ᠬᠡᠦᠬᠡᠳ ᠦᠨ ᠮᠥᠩᠭᠥᠨ ᠦ ᠳᠠᠩᠰᠠ ᠨᠡᠭᠡᠭᠡᠵᠦ᠂ ᠺᠠᠷᠲ ᠵᠠᠬᠢᠶᠠᠯᠠᠬᠤ ᠪᠣᠯᠤᠮᠵᠢ ᠲᠠᠢ ᠪᠣᠯᠵᠠᠢ᠃

ᠰᠡᠳᠬᠢᠭᠳᠡᠯ ᠦᠯᠡᠳᠡᠭᠡᠬᠦ