ᠯ ∙ ᠨᠠᠰᠤᠨᠪᠦᠷᠮ᠎ᠠ ᠴᠠᠭᠳᠠᠭ᠎ᠠ ᠨᠠᠷ ᠲᠤ ᠬᠠᠨᠳᠢᠪ ᠡᠷᠭᠦᠵᠡᠢ  | News.MN

ᠯ ∙ ᠨᠠᠰᠤᠨᠪᠦᠷᠮ᠎ᠠ ᠴᠠᠭᠳᠠᠭ᠎ᠠ ᠨᠠᠷ ᠲᠤ ᠬᠠᠨᠳᠢᠪ ᠡᠷᠭᠦᠵᠡᠢ 

ᠮᠤᠩᠭᠤᠯ ᠤᠯᠤᠰ ᠤᠨ ᠭᠠᠪᠢᠶᠠᠲᠤ ᠲᠠᠮᠢᠷᠴᠢᠨ᠂ ᠳᠡᠯᠡᠬᠡᠢ ᠶᠢᠨ ᠠᠪᠤᠷᠭᠤ ᠶᠢᠨ ᠬᠦᠷᠡᠯ ᠮᠸᠳᠠᠯᠲᠤ ᠣ᠊ ∙ ᠨᠠᠰᠤᠨᠪᠦᠷᠮ᠎ᠠ ᠲᠢᠪ᠂ ᠳᠡᠯᠡᠬᠡᠢ᠂ ᠣᠯᠠᠨ ᠤᠯᠤᠰ ᠤᠨ ᠲᠡᠮᠡᠴᠡᠭᠡᠨ ᠳᠦ ᠡᠮᠦᠰᠴᠦ ᠪᠠᠶᠢᠭᠰᠠᠨ ᠡᠮᠦᠰᠬᠡᠯ ᠢᠶᠡᠨ  ᠨᠢᠭᠤᠷ ᠨᠤᠮ ᠢᠶᠡᠷ ᠢᠶᠡᠨ ᠳᠠᠮᠵᠢᠭᠤᠯᠤᠨ ᠳᠠᠭᠤᠳᠠᠯᠭ᠎ᠠ ᠪᠠᠷ ᠬᠤᠳᠠᠯᠳᠤᠯ᠎ᠠ᠃ ᠲᠡᠭᠦᠨ ᠦ ᠡᠮᠦᠰᠬᠡᠯ ᠢ ᠨᠢᠭᠡᠨ ᠢᠷᠭᠡᠨ 3 ᠰᠠᠶ᠎ᠠ ᠲᠥᠭᠥᠷᠢᠭ ᠢᠶᠡᠷ ᠬᠤᠳᠠᠯᠳᠤᠨ ᠠᠪᠤᠭᠰᠠᠨ ᠶᠤᠮ᠃
ᠲᠡᠷᠡᠪᠡᠷ ᠡᠨᠡ ᠲᠠᠯ᠎ᠠ ᠪᠠᠷ ᠢᠶᠠᠨ᠄ ᠴᠢᠯᠦᠭᠡᠲᠦ ᠪᠥᠬᠡ ᠶᠢᠨ ᠰᠫᠤᠷᠲ ᠲᠤ ᠣᠯᠠᠨ ᠠᠮᠵᠢᠯᠲᠠ ᠳᠤ ᠬᠦᠷᠭᠡᠭᠰᠡᠨ ᠡᠮᠦᠰᠬᠡᠯ ᠮᠢᠨᠢ ᠳᠠᠭᠤᠳᠠᠯᠭ᠎ᠠ ᠬᠤᠳᠠᠯᠳᠤᠭ᠎ᠠ ᠪᠠᠷ 3 ᠰᠠᠶ᠎ᠠ ᠲᠥᠭᠥᠷᠢᠭ ᠬᠦᠷᠦᠯ᠎ᠡ᠃ ᠬᠤᠳᠠᠯᠳᠤᠨ ᠠᠪᠤᠭᠰᠠᠨ ᠪᠠᠲᠤᠴᠡᠩᠭᠡᠯ ᠲᠠᠨ ᠳᠤ ᠲᠠᠯᠠᠷᠬᠠᠭᠰᠠᠨ ᠢᠶᠠᠨ ᠢᠯᠡᠷᠬᠡᠶᠢᠯᠡᠶ᠎ᠡ᠃ ᠪᠢ ᠪᠤᠷᠤᠯᠠᠭᠤᠯᠤᠭᠳᠠᠭᠰᠠᠨ ᠦᠨ᠎ᠡ ᠶᠢᠨ ᠰᠠᠨᠠᠯ ᠤᠨ 60 ᠬᠤᠪᠢ ᠪᠠᠷ ᠥᠭᠬᠦ ᠪᠡᠷ ᠰᠢᠢᠳᠦᠯ᠎ᠡ᠃ ᠲᠡᠮᠦᠷ ᠵᠠᠮ ᠤᠨ ᠴᠠᠭᠳᠠᠭ᠎ᠠ ᠶᠢᠨ ᠭᠠᠵᠠᠷ ᠤᠨ ᠬᠠᠮᠲᠤ ᠣᠯᠠᠨ ᠳᠤ ᠪᠠᠨ ᠠᠷᠢᠭᠤᠳᠬᠠᠯ ᠬᠠᠮᠠᠭᠠᠯᠠᠯᠲᠠ ᠶᠢᠨ ᠬᠡᠷᠡᠭᠰᠡᠯ᠂ 《ᠮᠢᠩᠭᠠᠨ ᠤ ᠰᠠᠨᠠᠭᠠᠴᠢᠯᠭ᠎ᠠ ᠬᠥᠭᠵᠢᠯ ᠦᠨ ᠲᠥᠯᠥᠭᠡ》ᠲᠥᠷᠥ ᠶᠢᠨ ᠪᠤᠰᠤ ᠪᠠᠶᠢᠭᠤᠯᠤᠯᠭ᠎ᠠ ᠳᠠᠭᠠᠨ 500.000 ᠲᠦᠭᠦᠷᠢᠭ ᠬᠠᠨᠳᠢᠪᠯᠠᠬᠤ ᠪᠠᠷ ᠰᠢᠢᠳᠦᠯ᠎ᠡ᠃ ᠰᠠᠶᠢᠨ ᠦᠢᠯᠡᠰ ᠪᠦᠬᠦᠨ ᠳᠡᠯᠭᠡᠷᠡᠬᠦ ᠪᠣᠯᠲᠤᠭᠠᠢ ᠬᠡᠮᠡᠨ ᠪᠢᠴᠢᠵᠡᠢ᠃

ᠰᠡᠳᠬᠢᠭᠳᠡᠯ ᠦᠯᠡᠳᠡᠭᠡᠬᠦ