ᠤᠯᠤᠰ ᠤᠨ ᠣᠨᠴᠠᠭᠠᠢ ᠺᠣᠮᠢᠰ ᠠᠴᠠ ᠣᠷᠣᠨ ᠨᠤᠲᠤᠭ ᠠᠴᠠ ᠢᠷᠡᠵᠦ᠂ ᠣᠴᠢᠬᠤ ᠢᠷᠭᠡᠳ ᠢ ᠬᠡᠷᠬᠢᠨ ᠵᠣᠬᠢᠶᠠᠨ ᠪᠠᠶᠢᠭᠤᠯᠬᠤ ᠲᠠᠯ᠎ᠠ ᠪᠠᠷ ᠮᠡᠳᠡᠭᠡᠯᠡᠯ ᠥᠭᠭᠦᠯ᠎ᠡ᠃ ᠬᠣᠲᠠ ᠠᠴᠠ ᠣᠷᠣᠨ ᠨᠤᠲᠤᠭ ᠤᠷᠤᠭᠤ ᠶᠠᠪᠤᠬᠤ 85000 ᠬᠦᠮᠦᠨ ᠬᠦᠰᠡᠯᠲᠡ ᠪᠡᠨ ᠢᠯᠡᠷᠬᠡᠶᠢᠯᠡᠭᠰᠡᠨ ᠪᠣᠯ ᠨᠡᠶᠢᠰᠯᠡᠯ ᠤᠷᠤᠭᠤ ᠢᠷᠡᠬᠦ 5300 ᠣᠷᠴᠢᠮ ᠢᠷᠭᠡᠨ ᠪᠠᠶᠢᠭ᠎ᠠ ᠶᠤᠮ᠃ ᠲᠡᠳᠡᠨ ᠦ 70 ᠬᠤᠪᠢ ᠨᠢ ᠨᠡᠶᠢᠲᠡ ᠶᠢᠨ ᠲᠡᠭᠡᠭᠡᠪᠦᠷᠢ ᠪᠡᠷ ᠵᠣᠷᠴᠢᠬᠤ ᠬᠦᠰᠡᠯᠲᠡ ᠥᠭᠴᠡᠢ᠃ ᠨᠡᠶᠢᠲᠡ ᠳᠦ ᠪᠡᠨ 100 ᠭᠠᠷᠤᠢ ᠮᠢᠩᠭᠠᠨ ᠢᠷᠭᠡᠨ ᠢ ᠠᠷᠪᠠᠨ ᠬᠣᠶᠠᠳᠤᠭᠠᠷ ᠰᠠᠷ᠎ᠠ ᠶᠢᠨ ᠨᠢᠭᠡᠨ ᠡᠴᠡ ᠡᠬᠢᠯᠡᠨ ᠠᠷᠪᠠ ᠬᠣᠨᠣᠭ ᠤᠨ ᠬᠤᠭᠤᠴᠠᠭᠠᠨ ᠳᠤ ᠨᠢᠭᠡᠳᠦᠭᠰᠡᠨ ᠪᠠᠶᠢᠳᠠᠯ ᠢᠶᠠᠷ ᠵᠣᠬᠢᠶᠠᠨ ᠪᠠᠶᠢᠭᠤᠯᠬᠤ ᠪᠠᠷ ᠪᠣᠯᠵᠠᠢ᠃
ᠬᠠᠷᠢᠨ ᠬᠠᠯᠳᠠᠪᠤᠷᠢ ᠲᠠᠷᠬᠠᠭᠰᠠᠨ ᠲᠠᠪᠤᠨ ᠠᠶᠢᠮᠠᠭ ᠪᠤᠶᠤ ᠳᠠᠷᠬᠠᠨ-ᠠᠭᠤᠯᠠ᠂ ᠰᠡᠯᠡᠩᠭᠡ᠂ ᠣᠷᠬᠣᠨ᠂ ᠭᠤᠪᠢᠰᠦ᠋ᠮᠪᠤᠷ᠂ ᠳᠣᠷᠣᠨᠠᠭᠣᠪᠢ ᠮᠥᠨ ᠰᠲᠷᠠᠲ᠋ᠧᠭᠢ ᠶᠢᠨ ᠭᠣᠣᠯ ᠪᠥᠰᠡ ᠪᠣᠯᠬᠤ ᠡᠮᠦᠨᠡᠭᠣᠪᠢ ᠠᠶᠢᠮᠠᠭ ᠤᠷᠤᠭᠤ ᠵᠣᠷᠴᠢᠬᠤ ᠬᠥᠳᠡᠯᠭᠡᠭᠡᠨ ᠢ ᠠᠷᠪᠠᠨ ᠬᠣᠶᠠᠳᠤᠭᠠᠷ ᠰᠠᠷ᠎ᠠ ᠶᠢᠨ 7 ᠠᠴᠠ ᠨᠡᠭᠡᠭᠡᠬᠦ ᠪᠡᠷ ᠪᠣᠯᠵᠠᠢ᠃ ᠡᠨᠡ ᠲᠠᠯ᠎ᠠ ᠪᠠᠷ ᠤᠨᠴᠠᠭᠠᠢ ᠪᠠᠢᠳᠠᠯ ᠤᠨ ᠶᠡᠷᠦᠩᠬᠡᠢ ᠭᠠᠵᠠᠷ ᠍ ᠤᠨ ᠳᠠᠷᠤᠭ᠎ᠠ ᠭ∙ᠠᠷᠢᠭᠤᠨᠪᠤᠶᠠᠨ᠄ ᠢᠷᠡᠬᠦ ᠰᠠᠷ᠎ᠠ ᠶᠢᠨ ᠨᠢᠭᠡᠨ ᠡᠴᠡ ᠨᠢᠭᠡᠳᠦᠭᠰᠡᠨ ᠵᠣᠬᠢᠶᠠᠨ ᠪᠠᠶᠢᠭᠤᠯᠤᠯᠲᠠ ᠲᠠᠢ ᠪᠠᠷ ᠨᠡᠶᠢᠰᠯᠡᠯ ᠤᠷᠤᠭᠤ ᠣᠷᠣᠭᠤᠯᠵᠤ᠂ ᠭᠠᠷᠭᠠᠬᠤ ᠨᠢᠭᠡᠳᠦᠭᠰᠡᠨ ᠵᠢᠷᠤᠮ ᠪᠠᠲᠤᠯᠠᠭᠰᠠᠨ᠃ ᠨᠢᠭᠡᠳᠦᠭᠰᠡᠨ ᠴᠠᠬᠢᠮ ᠪᠦᠷᠢᠳᠬᠡᠯ ᠳᠦ ᠪᠥᠷᠢᠳᠬᠡᠭᠦᠯᠬᠦ᠂ ᠬᠠᠯᠳᠠᠪᠤᠷᠢ ᠬᠠᠮᠠᠭᠠᠯᠠᠯ ᠤᠨ ᠳᠢᠭᠯᠢᠮ ᠢᠶᠡᠨ ᠰᠠᠬᠢᠬᠤ ᠵᠡᠷᠭᠡ ᠪᠡᠷ ᠢᠷᠭᠡᠳ ᠲᠦ ᠥᠨᠳᠥᠷ ᠬᠢᠨᠠᠯᠲᠠ ᠲᠠᠯᠪᠢᠨ᠎ᠠ᠃ ᠵᠣᠬᠢᠶᠠᠨ ᠪᠠᠶᠢᠭᠤᠯᠬᠤ ᠠᠵᠢᠯ ᠤᠨ ᠬᠡᠰᠡᠭ ᠪᠠᠶᠢᠭᠤᠯᠤᠭᠳᠠᠭᠠᠳ ᠠᠵᠢᠯᠯᠠᠵᠤ ᠪᠠᠶᠢᠨ᠎ᠠ᠃ ᠴᠠᠬᠢᠮ ᠪᠦᠷᠢᠳᠬᠡᠯ᠂ ᠲᠡᠭᠡᠭᠡᠪᠦᠷᠢ ᠵᠣᠬᠢᠴᠠᠭᠤᠯᠤᠯᠲᠠ᠂ ᠲᠠᠰᠤᠯᠪᠤᠷᠢ ᠲᠦᠭᠡᠭᠡᠯᠲᠡ᠂ ᠬᠤᠪᠢ ᠶᠢᠨ ᠮᠠᠰᠢᠨ ᠢᠶᠠᠷ ᠵᠣᠷᠴᠢᠬᠤ ᠫᠣᠰᠲ ᠢ ᠪᠦᠷᠢᠨ ᠬᠠᠷᠢᠭᠤᠴᠠᠵᠤ ᠠᠵᠢᠯᠯᠠᠨ᠎ᠠ ᠭᠡᠪᠡ᠃