ᠬᠠᠮᠪᠤ ᠯᠠᠮᠠ ᠪᠠᠷ ᠳ∙ᠬᠤᠷᠯᠤᠪᠠᠲᠤ ᠶᠢ ᠪᠠᠲᠤᠯᠠᠮᠵᠢᠯᠠᠵᠠᠢ  | News.MN

 ᠬᠠᠮᠪᠤ ᠯᠠᠮᠠ ᠪᠠᠷ ᠳ∙ᠬᠤᠷᠯᠤᠪᠠᠲᠤ ᠶᠢ ᠪᠠᠲᠤᠯᠠᠮᠵᠢᠯᠠᠵᠠᠢ 

ᠮᠣᠩᠭᠣᠯ ᠤᠨ ᠪᠤᠷᠬᠠᠨ ᠤ ᠱᠠᠰᠢᠨᠲᠠᠨ ᠤ ᠲᠥᠪ ᠭᠠᠨᠳᠠᠨᠳᠡᠭᠴᠢᠯᠡᠨ ᠬᠡᠶᠢᠳ ᠦᠨ ᠲᠡᠷᠢᠭᠦᠨ ᠯᠠᠮᠠ ᠨᠠᠷ ᠤᠨ ᠵᠥᠪᠯᠡᠯ ᠦᠨ ᠬᠤᠷᠠᠯ ᠢᠶᠠᠷ ᠬᠥᠪᠰᠥᠭᠥᠯ ᠠᠶᠢᠮᠠᠭ ᠤᠨ ᠮᠦᠷᠡᠨ ᠦ ᠬᠦᠷᠢᠶ᠎ᠡ ᠭᠠᠨᠳᠠᠨᠳᠠᠷᠵᠠᠢᠯᠢᠨ ᠬᠡᠶᠢᠳ ᠦᠨ ᠬᠠᠮᠪᠤ ᠯᠠᠮᠠ ᠪᠠᠷ ᠳ ∙ ᠬᠤᠷᠯᠤᠪᠠᠲᠤ  ᠶᠢ ᠪᠠᠲᠤᠯᠠᠮᠵᠢᠯᠠᠵᠠᠢ᠃ ᠬᠠᠮᠪᠤ ᠯᠠᠮᠠ ᠶᠢᠨ ᠪᠠᠲᠤᠯᠠᠮᠵᠢ ᠶᠢ ᠭᠠᠨᠳᠠᠨᠳᠡᠭᠴᠢᠯᠡᠨ ᠬᠡᠶᠢᠳ ᠦᠨ ᠲᠡᠷᠢᠭᠦᠨ ᠶᠡᠬᠡ ᠬᠠᠩᠪᠤ ᠯᠠᠮᠠ ᠳ ∙ ᠴᠣᠶᠢᠵᠠᠮᠰᠤ ᠭᠠᠷᠳᠠᠭᠤᠯᠤᠨ ᠥᠭᠭᠦᠭᠰᠡᠨ ᠪᠥᠭᠡᠳ ᠳ ∙ ᠬᠤᠷᠯᠤᠪᠠᠲᠤ ᠯᠠᠮᠠ ᠳᠤ ᠠᠵᠢᠯ ᠤᠨ ᠠᠮᠵᠢᠯᠲᠠ᠂ ᠪᠤᠷᠬᠠᠨ ᠤ ᠱᠠᠰᠢᠨ ᠢ ᠳᠡᠯᠭᠡᠷᠡᠭᠦᠯᠬᠦ ᠦᠢᠯᠡᠰ ᠲᠦ ᠬᠣᠶᠠᠷ ᠦᠭᠡᠢ ᠰᠡᠳᠬᠢᠯ ᠢᠶᠡᠷ ᠬᠢᠴᠢᠶᠡᠨ ᠠᠵᠢᠯᠯᠠᠬᠤ ᠶᠢ ᠬᠦᠰᠡᠭᠰᠡᠨ ᠪᠠᠶᠢᠨ᠎ᠠ᠃
ᠳ ∙ ᠬᠤᠷᠯᠤᠪᠠᠲᠤ ᠯᠠᠮᠠᠲᠠᠨ 1990 ᠣᠨ ᠳᠤ ᠮᠦᠷᠡᠨ ᠦ ᠬᠦᠷᠢᠶ᠎ᠡ ᠭᠠᠨᠳᠠᠨᠳᠠᠷᠵᠠᠢᠯᠢᠨ ᠬᠡᠶᠢᠳ ᠦᠨ ᠦᠢᠯᠡ ᠠᠵᠢᠯᠯᠠᠭ᠎ᠠ ᠶᠢ ᠳᠠᠬᠢᠨ ᠰᠡᠷᠭᠦᠭᠡᠭᠰᠡᠨ ᠦᠶ᠎ᠡ ᠶᠢᠨ ᠠᠩᠬᠠᠨ ᠤ ᠱᠠᠪᠢ ᠨᠠᠷ ᠤᠨ ᠨᠢᠭᠡ ᠪᠥᠭᠡᠳ ᠡᠪᠦᠭᠡᠨ ᠯᠠᠮ᠎ᠠ ᠪᠠᠭᠰᠢ ᠨᠠᠷ ᠠᠴᠠ ᠪᠠᠨ ᠬᠦᠷᠢᠶᠡᠨ ᠦ ᠪᠡᠨ ᠤᠩᠰᠢᠯᠭ᠎ᠠ᠂ ᠵᠠᠩ ᠦᠢᠯᠡ ᠶᠢ ᠥᠪᠯᠡᠨ ᠠᠪᠴᠤ᠂ ᠬᠤᠷᠠᠯ ᠨᠣᠮ ᠤᠨ ᠦᠢᠯᠡ ᠠᠵᠢᠯᠯᠠᠭ᠎ᠠ ᠶᠢ ᠰᠡᠷᠭᠦᠭᠡᠬᠦ ᠳᠦ ᠴᠢᠬᠤᠯᠠ ᠡᠭᠦᠷᠭᠡ ᠭᠦᠢᠴᠡᠳᠭᠡᠭᠰᠡᠨ ᠬᠦᠮᠦᠨ ᠦ ᠨᠢᠭᠡ ᠶᠤᠮ᠃ ᠲᠡᠷᠡ ᠪᠡᠷ ᠭᠠᠨᠳᠠᠨᠳᠡᠭᠴᠢᠯᠡᠨ ᠬᠡᠶᠢᠳ ᠦᠨ ᠳᠡᠷᠭᠡᠳᠡᠬᠢ ᠱᠠᠰᠢᠨ ᠤ ᠳᠡᠭᠡᠳᠦ ᠰᠤᠷᠭᠠᠭᠤᠯᠢ ᠳᠤ ᠪᠠᠭᠰᠢ᠂ 《ᠬᠥᠪᠰᠥᠭᠥᠯ ᠬᠦᠷᠢᠶ᠎ᠡ》ᠰᠠᠩ ᠤᠨ ᠲᠡᠷᠢᠭᠦᠨ ᠢᠶᠡᠷ ᠠᠵᠢᠯᠯᠠᠵᠤ ᠪᠠᠢᠪᠠ᠃

ᠰᠡᠳᠬᠢᠭᠳᠡᠯ ᠦᠯᠡᠳᠡᠭᠡᠬᠦ