ᠠᠯᠳᠠᠭ᠎ᠠ ᠦᠭᠡᠢ ᠬᠣᠷᠢᠭ ᠲᠠᠯᠪᠢᠵᠤ ᠪᠣᠯᠳᠠᠭ ᠦᠭᠡᠢ ᠯᠠ ᠶᠤᠮ ᠪᠠᠶᠢᠬᠤ ᠳ᠋ᠠ᠂ ᠠᠷᠠᠢ ᠴᠤ ᠳ᠋ᠸ | News.MN

ᠠᠯᠳᠠᠭ᠎ᠠ ᠦᠭᠡᠢ ᠬᠣᠷᠢᠭ ᠲᠠᠯᠪᠢᠵᠤ ᠪᠣᠯᠳᠠᠭ ᠦᠭᠡᠢ ᠯᠠ ᠶᠤᠮ ᠪᠠᠶᠢᠬᠤ ᠳ᠋ᠠ᠂ ᠠᠷᠠᠢ ᠴᠤ ᠳ᠋ᠸ

ᠥᠴᠥᠭᠡᠳᠦᠷ︵11.24︶ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ 2021 ᠣᠨ ᠤ ᠲᠥᠰᠥᠪ ᠦᠨ ᠲᠤᠬᠠᠢ ᠬᠠᠤᠯᠢ ᠳᠤ ᠬᠣᠷᠢᠭ ᠲᠠᠯᠪᠢᠬᠤ ᠲᠤᠬᠠᠢ ᠠᠯᠪᠠᠨ ᠪᠢᠴᠢᠭ ᠢ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠳᠤ ᠬᠦᠷᠭᠡᠭᠦᠯᠦᠭᠰᠡᠨ᠃ ᠲᠡᠷᠡᠪᠡᠷ 2021 ᠣᠨ ᠤ ᠤᠯᠤᠰ ᠤᠨ ᠲᠥᠰᠥᠪ ᠢ ᠴᠠᠭ ᠦᠶ᠎ᠡ ᠶᠢᠨ ᠱᠠᠭᠠᠷᠳᠠᠯᠭ᠎ᠠ ᠳᠤ ᠨᠡᠶᠢᠴᠡᠭᠡ ᠦᠭᠡᠢ᠂ ᠬᠡᠲᠦ ᠦᠷᠡᠯᠭᠡᠨ ᠪᠠᠶᠢᠨ᠎ᠠ᠂ COVID-19 ᠍ ᠦᠨ ᠸᠠᠺᠼᠢᠨ ᠢ ᠬᠤᠳᠠᠯᠳᠤᠵᠤ ᠠᠪᠬᠤ ᠳᠤ ᠱᠠᠭᠠᠷᠳᠠᠭᠳᠠᠬᠤ ᠬᠥᠷᠥᠩᠭᠡ ᠶᠢ ᠲᠤᠰᠬᠠᠭ᠎ᠠ ᠦᠭᠡᠢ ᠨᠢ ᠳᠡᠩᠳᠡᠭᠦᠦ ᠬᠠᠷᠢᠭᠤᠴᠠᠯᠭ᠎ᠠ ᠦᠭᠡᠢ ᠦᠢᠯᠡᠳᠦᠯ ᠭᠡᠵᠦ ᠦᠵᠡᠨ ᠬᠣᠷᠢᠭ ᠲᠠᠯᠪᠢᠭᠰᠠᠨ᠃

ᠡᠭᠦᠨ ᠳᠦ ᠰᠠᠩ ᠤᠨ ᠰᠠᠶᠢᠳ ᠴ∙ᠬᠦᠷᠡᠯᠪᠠᠭᠠᠲᠤᠷ ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠄ ᠶᠡᠷᠦᠩᠬᠡᠶᠢᠯᠡᠭᠴᠢ ᠶᠢᠨ 2021 ᠣᠨ ᠤ ᠲᠥᠰᠥᠪ ᠲᠦ ᠲᠠᠯᠪᠢᠭᠰᠠᠨ ᠬᠣᠷᠢᠭ ᠢ ᠬᠠᠷᠠᠭᠠᠳ ᠰᠠᠭᠤᠵᠤ ᠪᠠᠶᠢᠨ᠎ᠠ᠃ ᠤᠯᠠᠮᠵᠢᠯᠠᠯ ᠶᠣᠰᠣᠭᠠᠷ ᠢᠶᠠᠨ ᠠᠯᠳᠠᠭ᠎ᠠ ᠲᠠᠢ᠂ ᠵᠥᠷᠢᠴᠡᠯ ᠲᠡᠢ ᠬᠣᠷᠢᠭ ᠪᠣᠯᠵᠠᠢ᠃ ᠪᠦᠬᠦᠯᠢ ᠳᠦ ᠨᠢ ᠬᠣᠷᠢᠭ ᠲᠠᠯᠪᠢᠵᠤ ᠪᠠᠶᠢᠨ᠎ᠠ ᠭᠡᠴᠢᠬᠡᠭᠡᠳ ᠡᠷᠡᠭᠦᠯ ᠮᠡᠨᠳᠦ᠂ ᠨᠡᠶᠢᠭᠡᠮ ᠤᠨ ᠳᠠᠭᠠᠳᠬᠠᠯ ᠤᠨ ᠰᠠᠩ ᠳᠤ ᠬᠣᠷᠢᠭ ᠲᠠᠯᠪᠢᠬᠤ ᠦᠭᠡᠢ ᠪᠡᠷ ᠵᠥᠪᠬᠡᠨ ᠤᠯᠤᠰ ᠤᠨ ᠲᠥᠰᠥᠪ ᠲᠦ ᠬᠣᠷᠢᠭ ᠲᠠᠯᠪᠢᠵᠠᠢ᠃ ᠠᠯᠳᠠᠭ᠎ᠠ ᠦᠭᠡᠢ ᠶᠠᠭᠤᠮ᠎ᠠ ᠬᠢᠵᠦ ᠪᠣᠯᠳᠠᠭ ᠦᠭᠡᠢ ᠯᠠ ᠶᠤᠮ ᠪᠠᠶᠢᠬᠤ ᠳ᠋ᠠ᠃ ᠠᠷᠠᠢ ᠴᠤ ᠳ᠋ᠸ ᠭᠡᠵᠡᠢ᠃

ᠰᠡᠳᠬᠢᠭᠳᠡᠯ ᠦᠯᠡᠳᠡᠭᠡᠬᠦ