ᠠᠮᠢᠳᠤ ᠬᠠᠷᠢᠯᠴᠠᠭ᠎ᠠ ᠡᠭᠦᠰᠬᠡᠵᠦ᠂ ᠠᠵᠠ ᠵᠢᠷᠭᠠᠯ ᠲᠠᠢ ᠪᠠᠢᠬᠤ ᠶᠢ ᠤᠷᠢᠶᠠᠯᠠᠯ᠎ᠠ  | News.MN

ᠠᠮᠢᠳᠤ ᠬᠠᠷᠢᠯᠴᠠᠭ᠎ᠠ ᠡᠭᠦᠰᠬᠡᠵᠦ᠂ ᠠᠵᠠ ᠵᠢᠷᠭᠠᠯ ᠲᠠᠢ ᠪᠠᠢᠬᠤ ᠶᠢ ᠤᠷᠢᠶᠠᠯᠠᠯ᠎ᠠ 

︽ᠵᠧᠨᠳᠡᠷ ᠲᠦ ᠰᠠᠭᠤᠷᠢᠯᠠᠭᠰᠠᠨ ᠬᠦᠴᠦᠷᠬᠡᠶᠢᠯᠡᠯ ᠲᠡᠢ ᠲᠡᠮᠡᠴᠡᠬᠦ 16 ᠡᠳᠦᠷ ᠦᠨ ᠠᠶᠠᠨ︾᠍ ᠢ ᠳᠡᠯᠡᠬᠡᠢ ᠶᠢᠨ 187 ᠤᠯᠤᠰ 1991 ᠣᠨ ᠠᠴᠠ ᠡᠬᠢᠯᠡᠨ ᠨᠢᠭᠡ ᠤᠷᠢᠶ᠎ᠠ᠂ ᠨᠢᠭᠡᠳᠦᠮᠡᠯ ᠵᠣᠷᠢᠯᠭ᠎ᠠ ᠶᠢᠨ ᠳᠣᠣᠷ᠎ᠠ ᠥᠷᠨᠢᠭᠦᠯᠵᠦ ᠢᠷᠡᠭᠰᠡᠨ᠃ ᠡᠨᠡ ᠠᠶᠠᠨ ᠳᠤ ᠮᠣᠩᠭᠣᠯ ᠤᠯᠤᠰ 1997 ᠣᠨ ᠳᠤ ᠨᠢᠭᠡᠳᠦᠨ ᠣᠷᠣᠭᠰᠠᠨ ᠶᠤᠮ᠃ ᠠᠶᠠᠨ ᠳᠤ ᠵᠠᠰᠠᠭ ᠤᠨ ᠭᠠᠵᠠᠷ ᠤᠨ ᠭᠡᠰᠢᠭᠦᠳ ᠪᠦᠭᠦᠳᠡ ᠨᠢᠭᠡᠳᠴᠦ ᠪᠠᠶᠢᠭ᠎ᠠ ᠶᠢ ᠮᠣᠩᠭᠣᠯ ᠤᠯᠤᠰ ᠤᠨ ᠶᠡᠷᠦᠩᠬᠡᠢ ᠰᠠᠶᠢᠳ᠂ ᠵᠧᠨᠳᠡᠷ ᠦᠨ ᠦᠨᠳᠦᠰᠦᠨ ᠦ ᠬᠣᠷᠢᠶᠠᠨ ᠤ ᠳᠠᠷᠤᠭ᠎ᠠ ᠤ᠊ ∙ᠬᠦᠷᠡᠯᠰᠦ᠋ᠬᠡ ᠮᠡᠳᠡᠭᠳᠡᠪᠡ᠃ ᠲᠡᠷᠡᠪᠡᠷ ᠵᠧᠨᠳᠡᠷ ᠲᠦ ᠰᠠᠭᠤᠷᠢᠯᠠᠭᠰᠠᠨ ᠬᠦᠴᠦᠷᠬᠡᠶᠢᠯᠡᠯ ᠡᠴᠡ ᠤᠷᠢᠳᠴᠢᠯᠠᠨ ᠰᠡᠷᠭᠡᠶᠢᠯᠡᠬᠦ᠂ ᠲᠡᠮᠡᠴᠡᠬᠦ ᠴᠢᠭᠯᠡᠯ ᠢᠶᠡᠷ ᠬᠦᠴᠦᠨ ᠵᠢᠳᠬᠦᠵᠦ ᠪᠠᠶᠢᠭ᠎ᠠ ᠢᠷᠭᠡᠨ ᠦ ᠨᠡᠶᠢᠭᠡᠮ ᠤᠨ ᠪᠠᠶᠢᠭᠤᠯᠤᠯᠭ᠎ᠠ᠂ ᠵᠠᠰᠠᠭ ᠤᠨ ᠭᠠᠵᠠᠷ ᠤᠨ ᠪᠣᠳᠣᠯᠭ᠎ᠠ᠂ ᠦᠢᠯᠡ ᠠᠵᠢᠯᠯᠠᠭ᠎ᠠ ᠶᠢ ᠳᠡᠮᠵᠢᠨ ᠲᠤᠤᠱᠲᠠᠢ ᠬᠠᠮᠲᠤᠷᠠᠨ ᠠᠵᠢᠯᠯᠠᠵᠤ ᠪᠠᠶᠢᠭ᠎ᠠ ᠣᠯᠠᠨ ᠤᠯᠤᠰ ᠤᠨ ᠪᠠᠶᠢᠭᠤᠯᠤᠯᠭ᠎ᠠ᠂ ᠲᠡᠷᠡ ᠳᠤᠮᠳᠠ ᠪᠠᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠦᠮᠦᠨ ᠠᠮᠠ ᠶᠢᠨ ᠰᠠᠩ ᠳᠤ ᠲᠠᠯᠠᠷᠬᠠᠯ ᠢᠯᠡᠷᠬᠡᠶᠢᠯᠡᠪᠡ᠃

ᠴᠠᠷ᠎ᠠ ᠲᠠᠬᠤᠯ ᠤᠨ ᠬᠦᠨᠳᠦ ᠨᠥᠬᠥᠴᠡᠯ ᠳᠦ ᠢᠷᠭᠡᠳ ᠦᠨ ᠳᠤᠮᠳᠠ ᠪᠤᠬᠢᠨᠢᠳᠤᠯ ᠨᠡᠮᠡᠭᠳᠡᠵᠦ᠂ ᠬᠠᠲᠠᠭᠤ ᠬᠥᠯ ᠬᠣᠷᠢᠭ᠎ᠠ ᠲᠣᠭᠲᠠᠭᠠᠭᠰᠠᠨ ᠲᠠᠢ ᠬᠣᠯᠪᠣᠭᠠᠲᠠᠢ ᠪᠠᠷ ᠥᠩᠭᠡᠷᠡᠭᠰᠡᠨ ᠭᠤᠷᠪᠠᠨ ᠰᠠᠷ᠎ᠠ ᠶᠢᠨ ᠬᠤᠭᠤᠴᠠᠭᠠᠨ ᠳᠤ ᠭᠡᠷ ᠪᠦᠯᠢ ᠶᠢᠨ ᠬᠦᠴᠦᠷᠬᠡᠶᠢᠯᠡᠯ ᠨᠡᠮᠡᠭᠳᠡᠭᠰᠡᠨ ᠪᠠᠶᠢᠨ᠎ᠠ᠂ ᠡᠶᠢᠮᠦ ᠳᠦ ᠬᠥᠯ ᠬᠣᠷᠢᠭᠠᠨ ᠤ ᠦᠶ᠎ᠡ ᠶᠢ ᠬᠦᠴᠦᠷᠬᠡᠶᠢᠯᠡᠯ ᠦᠨ ᠠᠶᠢᠳᠠᠰ ᠲᠠᠢ ᠤᠷᠴᠢᠨ ᠳᠤ ᠪᠢᠰᠢ᠂ ᠭᠡᠷ ᠪᠦᠯᠢ ᠪᠡᠷ ᠢᠶᠡᠨ ᠠᠮᠢᠳᠤ ᠬᠠᠷᠢᠯᠴᠠᠭ᠎ᠠ ᠡᠭᠦᠰᠬᠡᠵᠦ᠂ ᠬᠠᠮᠲᠤ ᠳᠤ ᠪᠠᠨ ᠬᠥᠭᠵᠢᠵᠦ᠂ ᠠᠵᠠ ᠵᠢᠷᠭᠠᠯ ᠲᠠᠢ᠂ ᠢᠨᠢᠶᠡᠳᠦ ᠪᠠᠶᠠᠰᠤᠯ ᠢᠶᠠᠷ ᠳᠦᠭᠦᠷᠡᠩ ᠥᠩᠭᠡᠷᠡᠭᠦᠯᠬᠦ ᠶᠢ ᠶᠡᠷᠦᠩᠬᠡᠢ ᠰᠠᠶᠢᠳ ᠢᠷᠭᠡᠳ ᠲᠦ ᠤᠷᠢᠶᠠᠯᠠᠯ᠎ᠠ᠃ ᠲᠡᠷᠡ᠄ ᠨᠢᠭᠡ ᠴᠤ ᠬᠡᠦᠬᠡᠳ᠂ ᠬᠡᠨ ᠴᠤ ᠪᠠᠶᠢᠭᠰᠠᠨ ᠬᠠᠶᠢᠷᠠᠯᠠᠵᠤ ᠬᠠᠮᠠᠭᠠᠯᠠᠬᠤ ᠡᠭᠦᠷᠭᠡ ᠲᠡᠢ ᠬᠦᠮᠦᠰ ᠦᠨ ᠢᠶᠡᠨ ᠭᠠᠷ ᠲᠤ ᠠᠮᠢ ᠨᠠᠰᠤ ᠪᠠᠨ ᠠᠯᠳᠠᠬᠤ ᠤᠴᠢᠷ ᠦᠭᠡᠢ᠂ ᠡᠶᠢᠮᠦ ᠡᠮᠭᠡᠨᠢᠯᠲᠦ ᠶᠠᠪᠤᠳᠠᠯ ᠳᠠᠪᠲᠠᠭᠳᠠᠬᠤ ᠶᠣᠰᠣ ᠦᠭᠡᠢ᠂ ᠡᠭᠦᠨ ᠢ ᠲᠠᠰᠤᠯᠤᠨ ᠵᠣᠭᠰᠣᠭᠠᠬᠤ ᠶᠣᠰᠣᠲᠠᠢ᠃ ᠠᠯᠢᠪᠠ ᠬᠦᠴᠦᠷᠬᠡᠶᠢᠯᠡᠯ ᠲᠡᠢ ᠬᠠᠤᠯᠢ ᠶᠢᠨ ᠦᠭᠡ ᠪᠡᠷ ᠬᠠᠲᠠᠭᠤ ᠲᠡᠮᠡᠴᠡᠨ᠎ᠡ ᠭᠡᠯ᠎ᠡ ᠃

ᠰᠡᠳᠬᠢᠭᠳᠡᠯ ᠦᠯᠡᠳᠡᠭᠡᠬᠦ