ᠪ ∙ᠪᠤᠳ᠋ᠵᠢᠷᠭᠠᠯ ᠳᠤ ᠭᠠᠪᠢᠶᠠᠲᠤ ᠲᠠᠮᠢᠷᠴᠢᠨ ᠴᠣᠯᠠ ᠣᠯᠭᠤᠨ᠎ᠠ  | News.MN

ᠪ ∙ᠪᠤᠳ᠋ᠵᠢᠷᠭᠠᠯ ᠳᠤ ᠭᠠᠪᠢᠶᠠᠲᠤ ᠲᠠᠮᠢᠷᠴᠢᠨ ᠴᠣᠯᠠ ᠣᠯᠭᠤᠨ᠎ᠠ 

ᠠᠮᠧᠷᠢᠺᠠ ᠶᠢᠨ ᠹᠯᠣᠷᠢᠳᠠ ᠮᠤᠵᠢ ᠳᠤ Icarus Florida Ultrafest USA 6 ᠵᠢᠷᠭᠤᠭᠠᠨ ᠡᠳᠦᠷ᠂ ᠵᠢᠷᠭᠤᠭᠠᠨ ᠰᠥᠨᠢ ᠶᠢᠨ ᠬᠡᠲᠦ ᠬᠣᠯᠠ ᠶᠢᠨ ᠵᠠᠢ ᠶᠢᠨ ᠭᠦᠶᠦᠯᠲᠡ ᠶᠢᠨ ᠲᠡᠮᠡᠴᠡᠭᠡᠨ ᠡᠨᠡ ᠰᠠᠷ᠎ᠠ ᠶᠢᠨ 16-22 ᠍ ᠳᠦ ᠶᠠᠪᠤᠭᠳᠠᠵᠤ᠂ ᠮᠣᠩᠭᠣᠯ ᠤᠯᠤᠰ ᠤᠨ ᠲᠠᠮᠢᠷᠴᠢᠨ ᠪ ∙ᠪᠤᠳ᠋ᠵᠢᠷᠭᠠᠯ ᠲᠦᠷᠦᠭᠦᠯᠡᠯ᠎ᠡ᠃ ᠲᠡᠷᠡᠪᠡᠷ ᠡᠬᠢᠨ ᠦ ᠡᠳᠦᠷ ᠡᠴᠡ ᠡᠬᠢᠯᠡᠨ ᠤᠷᠤᠯᠳᠤᠭᠠᠨ ᠢ ᠲᠡᠷᠢᠭᠦᠯᠡᠭᠰᠡᠭᠡᠷ ᠵᠢᠷᠭᠤᠭᠠᠨ ᠡᠳᠦᠷ᠂ ᠵᠢᠷᠭᠤᠭᠠᠨ ᠰᠥᠨᠢ ᠶᠢᠨ ᠬᠤᠭᠤᠴᠠᠭᠠᠨ ᠳᠤ 787 ᠺᠢᠯᠣᠮᠧᠲ᠋ᠷ ᠵᠠᠢ ᠲᠤᠭᠤᠯᠤᠭᠰᠠᠨ ᠪᠠᠶᠢᠨ᠎ᠠ᠃ ᠲᠡᠭᠦᠨᠴᠢᠯᠡᠨ ᠲᠡᠮᠡᠴᠡᠭᠡᠨ ᠦ ᠷᠧᠺᠣᠷᠳ᠋ ᠍ ᠢ 17 ᠺᠢᠯᠣᠮᠧᠲ᠋ᠷ ᠪᠡᠷ ᠠᠬᠢᠭᠤᠯᠤᠭᠰᠠᠨ ᠪᠠᠶᠢᠨ᠎ᠠ᠃
ᠪ ∙ᠪᠤᠳ᠋ᠵᠢᠷᠭᠠᠯ᠄ ᠠᠪᠤᠷᠭᠤ ᠪᠣᠯᠤᠭᠰᠠᠨ ᠳᠤ ᠪᠠᠨ ᠶᠡᠬᠡ ᠪᠠᠶᠠᠷᠲᠠᠢ ᠪᠠᠶᠢᠨ᠎ᠠ᠃ ᠹᠯᠣᠷᠢᠳᠠ ᠳᠦ ᠨᠠᠷᠠ᠂ ᠪᠣᠷᠣᠭ᠎ᠠ᠂ ᠰᠠᠯᠬᠢ᠂ ᠠᠭᠠᠷ ᠤᠨ ᠳᠠᠷᠤᠯᠲᠠ ᠭᠡᠳ ᠪᠠᠢᠭᠠᠯᠢ ᠶᠢᠨ ᠪᠡᠷᠬᠡᠰᠢᠶᠡᠯ ᠣᠯᠠᠨ ᠲᠣᠬᠢᠶᠠᠯᠳᠤᠭᠰᠠᠨ ᠴᠤ ᠲᠦᠷᠦᠭᠦᠯᠡᠵᠦ  ᠴᠢᠳᠠᠯ᠎ᠠ᠃ ᠡᠨᠡ ᠪᠣᠯᠤᠮᠵᠢ ᠶᠢ ᠣᠯᠭᠤᠭᠰᠠᠨ ᠪᠡᠶ᠎ᠡ ᠶᠢᠨ ᠲᠠᠮᠢᠷ ᠰᠫᠣᠷᠲ ᠤᠨ ᠦᠨᠳᠦᠰᠦᠨ ᠦ ᠲᠥᠪ᠂ МҮОНТ ᠮᠤᠩᠭᠤᠯ ᠤᠨ ᠦᠨᠳᠦᠰᠦᠨ ᠦ ᠤᠯᠠᠨ ᠨᠡᠢᠲᠡ ᠶᠢᠨ ᠲᠸᠯᠸᠢᠽ ᠵᠡᠷᠭᠡ ᠳᠡᠮᠵᠢᠨ ᠠᠵᠢᠯᠯᠠᠭᠰᠠᠨ ᠪᠠᠶᠢᠭᠤᠯᠤᠯᠭ᠎ᠠ᠂ ᠬᠠᠮᠲᠤ ᠤᠯᠠᠨ ᠳᠤ ᠲᠠᠯᠠᠷᠬᠠᠵᠤ ᠪᠠᠶᠢᠨ᠎ᠠ᠃ ᠮᠥᠨ ᠠᠷᠤ ᠶᠢᠨ ᠠᠯᠪᠠᠨ ᠳᠤ ᠵᠢᠳᠬᠦᠭᠰᠡᠨ ᠬᠦᠮᠦᠰ ᠲᠦ ᠪᠡᠨ ᠪᠠᠶᠠᠷᠯᠠᠯ᠎ᠠ᠃ ᠲᠠ ᠪᠦᠬᠦᠨ ᠪᠣᠯᠤᠨ ᠮᠣᠩᠭᠣᠯᠴᠤᠳ ᠤᠨ ᠢᠶᠠᠨ ᠠᠴᠢ ᠪᠠᠷ ᠪᠢ ᠷᠧᠺᠣᠷᠳ᠋ ᠲᠣᠭᠲᠠᠭᠠᠵᠤ ᠴᠢᠳᠠᠭᠰᠠᠨ ᠶᠤᠮ ᠰᠢᠦ᠃ ᠪᠢ ᠬᠡᠲᠦ ᠬᠣᠯᠠ ᠶᠢᠨ ᠵᠠᠢ ᠶᠢᠨ ᠭᠦᠶᠦᠯᠲᠡ ᠶᠢᠨ 10 ᠲᠡᠮᠡᠴᠡᠭᠡᠨ ᠳᠦ ᠣᠷᠣᠯᠴᠠᠵᠤ᠂ ᠲᠠᠪᠤ ᠳᠤ ᠨᠢ ᠲᠦᠷᠦᠭᠦᠯᠡᠯ᠎ᠡ᠃ ᠪᠠᠶᠠᠷᠲᠠᠢ ᠪᠠᠶᠢᠨ᠎ᠠ ᠭᠡᠪᠡ᠃
ᠡᠨᠡ ᠳᠠᠰᠢᠷᠠᠮ ᠳᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠭᠠᠪᠢᠶᠠᠲᠤ ᠲᠠᠮᠢᠷᠴᠢᠨ ᠴᠣᠯᠠ ᠣᠯᠭᠤᠬᠤ ᠪᠠᠨ ᠮᠡᠳᠡᠭᠳᠡᠭᠰᠡᠨ ᠶᠤᠮ᠃

ᠰᠡᠳᠬᠢᠭᠳᠡᠯ ᠦᠯᠡᠳᠡᠭᠡᠬᠦ