ᠥᠪᠥᠷ ᠮᠣᠩᠭᠣᠯ ᠪᠥᠬᠡᠴᠦᠳ ᠠᠮᠵᠢᠯᠲᠠ ᠦᠵᠡᠭᠦᠯᠵᠡᠢ | News.MN

ᠥᠪᠥᠷ ᠮᠣᠩᠭᠣᠯ ᠪᠥᠬᠡᠴᠦᠳ ᠠᠮᠵᠢᠯᠲᠠ ᠦᠵᠡᠭᠦᠯᠵᠡᠢ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ U20 ᠵᠠᠯᠠᠭᠤᠴᠤᠳ ᠤᠨ ᠴᠢᠯᠦᠭᠡᠲᠦ ᠪᠥᠬᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 6-9 ᠍ ᠳᠦ ᠠᠨᠬᠤᠢ ᠮᠤᠵᠢ  ᠳᠤ ᠪᠣᠯᠵᠠᠢ᠃ ᠲᠡᠮᠡᠴᠡᠭᠡᠨ ᠳᠦ 43 ᠪᠠᠭ ᠤᠨ 327 ᠲᠠᠮᠢᠷᠴᠢᠨ ᠣᠷᠣᠯᠴᠠᠭᠰᠠᠨ ᠪᠠᠶᠢᠨ᠎ᠠ᠃
ᠡᠭᠦᠨ ᠳᠦ ᠥᠪᠥᠷ ᠮᠣᠩᠭᠣᠯ ᠠᠴᠠ 14 ᠲᠠᠮᠢᠷᠴᠢᠨ ᠣᠷᠣᠯᠴᠠᠵᠤ᠂ ᠬᠣᠶᠠᠷ ᠠᠯᠲᠠ᠂ ᠨᠢᠭᠡ ᠮᠥᠩᠭᠥ᠂ ᠭᠤᠷᠪᠠᠨ ᠬᠦᠷᠡᠯ ᠮᠧᠳᠠᠯ ᠬᠦᠷᠲᠡᠵᠡᠢ᠃ 86 ᠺᠢᠯᠦᠭᠷᠡᠮ ᠳᠦ ᠲᠡᠩᠭᠢᠰ ᠠᠯᠲᠠᠨ ᠮᠧᠳᠠᠯ ᠂ 125 ᠺᠢᠯᠦᠭᠷᠡᠮ ᠳᠦ ᠬᠥᠪᠴᠢᠨ ᠠᠯᠲᠠᠨ ᠮᠧᠳᠠᠯ᠂ ᠪᠦᠬᠡᠡᠷᠳᠡᠨᠢ ᠮᠦᠩᠭᠦᠨ ᠮᠸᠳᠠᠯ᠂ 74 ᠺᠢᠯᠦᠭᠷᠡᠮ ᠳᠦ ᠱᠤᠭᠠᠷ᠎ᠠ ᠬᠦᠷᠡᠯ ᠮᠸᠳᠠᠯ᠂ ᠪᠠᠲᠤᠴᠡᠩᠭᠡᠯ 5 ᠳ᠋ᠤᠭᠠᠷ ᠪᠠᠶᠢᠷᠢ ᠂ 92 ᠺᠢᠯᠦᠭᠷᠡᠮ ᠳᠦ ᠰᠣᠳᠣᠮᠡᠷᠭᠡᠨ ᠬᠦᠷᠡᠯ  ᠮᠸᠳᠠᠯ᠂ 97 ᠺᠢᠯᠦᠭᠷᠡᠮ ᠳᠦ ᠢᠳᠠᠮᠵᠠᠪ ᠬᠦᠷᠡᠯ ᠮᠸᠳᠠᠯ ᠤᠯᠵᠠᠢ᠃

ᠰᠡᠳᠬᠢᠭᠳᠡᠯ ᠦᠯᠡᠳᠡᠭᠡᠬᠦ