ᠮᠣᠩᠭᠣᠯ ᠤᠨ ᠭᠠᠳᠠᠭᠠᠳᠤ ᠬᠠᠷᠢᠯᠴᠠᠭᠠᠨ ᠤ ᠲᠡᠦᠬᠡ ᠬᠡᠪᠯᠡᠭᠳᠡᠵᠡᠢ  | News.MN

ᠮᠣᠩᠭᠣᠯ ᠤᠨ ᠭᠠᠳᠠᠭᠠᠳᠤ ᠬᠠᠷᠢᠯᠴᠠᠭᠠᠨ ᠤ ᠲᠡᠦᠬᠡ ᠬᠡᠪᠯᠡᠭᠳᠡᠵᠡᠢ 

 

ᠡᠷᠳᠡᠮᠲᠡᠨ᠂ ᠠᠬᠠᠮᠠᠳ ᠳ᠋ᠢᠫᠯᠣᠮᠠᠲ ᠭ ∙ ᠲᠡᠮᠦᠷᠴᠢᠯᠠᠭᠤᠨ ᠤ 《ᠮᠣᠩᠭᠣᠯ ᠭᠧᠣᠫᠣᠯᠢᠲ᠋ᠢᠺ ᠤᠨ ᠮᠠᠨᠳᠤᠨ ᠪᠠᠭᠤᠷᠠᠯᠲᠠ ᠪᠠ ᠰᠡᠷᠭᠦᠯᠲᠡ᠄ ᠶᠡᠬᠡ ᠮᠣᠩᠭᠣᠯ ᠤᠯᠤᠰ ᠠᠴᠠ ᠥᠨᠥ ᠶᠢ ᠬᠦᠷᠲᠡᠯ᠎ᠡ》 ᠨᠣᠮ ᠬᠡᠪᠯᠡᠭᠳᠡᠨ ᠤᠩᠰᠢᠭᠴᠢᠳ ᠤᠨ ᠭᠠᠷ ᠳᠡᠭᠡᠷ᠎ᠡ ᠣᠴᠢᠵᠤ ᠪᠠᠶᠢᠨ᠎ᠠ᠃ ᠲᠡᠷᠡ ᠪᠡᠷ ᠡᠨᠡ ᠪᠦᠲᠦᠭᠡᠯ ᠳᠦ ᠪᠡᠨ ᠮᠣᠩᠭᠣᠯ ᠤᠨ ᠡᠵᠡᠨᠲᠦ ᠭᠦᠷᠦᠨ ᠡᠴᠡ ᠥᠨᠥ ᠶᠢ ᠬᠦᠷᠲᠡᠯᠡᠬᠢ ᠮᠣᠩᠭᠣᠯ ᠤᠯᠤᠰ ᠤᠨ ᠲᠡᠦᠬᠡ ᠶᠢ ᠭᠧᠣᠫᠣᠯᠢᠲ᠋ᠢᠺ ᠤᠨ ᠥᠨᠴᠥᠭ ᠡᠴᠡ ᠰᠤᠳᠤᠯᠬᠤ ᠶᠢ ᠡᠷᠡᠮᠡᠯᠵᠡᠵᠡᠢ᠃ ᠲᠣᠳᠣᠷᠠᠭᠤᠯᠪᠠᠯ᠂ ᠨᠤᠮ ᠳᠤ ᠮᠣᠩᠭᠣᠯ ᠤᠨ ᠡᠵᠡᠨᠲᠦ ᠭᠦᠷᠦᠨ ᠡᠴᠡ ᠣᠷᠴᠢᠨ ᠦᠶ᠎ᠡ ᠶᠢᠨ ᠣᠯᠠᠨ ᠤᠯᠤᠰ ᠤᠨ ᠬᠠᠷᠢᠯᠴᠠᠭ᠎ᠠ ᠪᠣᠯᠤᠨ ᠳᠡᠯᠡᠬᠡᠢ ᠶᠢᠨ ᠳ᠋ᠢᠫᠯᠣᠮᠠᠲ ᠦᠢᠯᠡ ᠳᠦ ᠣᠷᠣᠭᠤᠯᠤᠭᠰᠠᠨ ᠬᠤᠪᠢ ᠨᠡᠮᠡᠷᠢ ᠶᠢ ᠣᠨᠴᠠᠯᠠᠭᠰᠠᠨ ᠪᠠᠶᠢᠨ᠎ᠠ᠃ ᠮᠥᠨ 1911 ᠣᠨ ᠤ ᠦᠨᠳᠦᠰᠦᠨ ᠦ ᠠᠷᠠᠳᠴᠢᠯᠠᠭᠰᠠᠨ ᠬᠤᠪᠢᠰᠬᠠᠯ᠂ 1915 ᠣᠨ ᠤ ᠬᠢᠶᠠᠭᠲᠤ ᠶᠢᠨ ᠭᠡᠷ᠎ᠡ ᠪᠣᠯᠤᠨ ᠪᠦᠭᠦᠳᠡ ᠨᠠᠢᠷᠠᠮᠳᠠᠬᠤ ᠮᠤᠩᠭᠤᠯ ᠠᠷᠠᠳ ᠤᠯᠤᠰ᠂ ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠲᠠᠯ᠎ᠠ ᠪᠠᠷ ᠰᠣᠨᠢᠷᠬᠠᠯᠲᠠᠢ ᠰᠠᠨᠠᠭ᠎ᠠ ᠨᠤᠭᠤᠳ ᠢ ᠳᠡᠪᠰᠢᠭᠦᠯᠵᠡᠢ᠃

ᠰᠡᠳᠬᠢᠭᠳᠡᠯ ᠦᠯᠡᠳᠡᠭᠡᠬᠦ