ᠰᠢᠯᠢᠳᠡᠭ 20 ᠦᠰᠦᠭᠯᠡᠭᠴᠢ ᠲᠣᠳᠣᠷᠠᠯ᠎ᠠ  | News.MN

ᠰᠢᠯᠢᠳᠡᠭ 20 ᠦᠰᠦᠭᠯᠡᠭᠴᠢ ᠲᠣᠳᠣᠷᠠᠯ᠎ᠠ 

《ᠦᠨᠳᠦᠰᠦᠨ ᠦ ᠦᠰᠦᠭᠯᠡᠯ ᠦᠨ ᠠᠪᠤᠷᠭᠤ-2021》ᠴᠡᠩᠭᠡᠭᠦᠨᠲᠦ ᠨᠡᠪᠲᠡᠷᠡᠭᠦᠯᠭᠡ ᠶᠢᠨ ᠳᠦᠷᠪᠡᠳᠡᠬᠢ ᠳ᠋ᠤᠭᠠᠷ ᠥᠴᠥᠭᠡᠳᠦᠷ ᠦᠵᠡᠭᠴᠢᠳ ᠲᠦ ᠬᠦᠷᠦᠯ᠎ᠡ᠃ ᠦᠰᠦᠭᠯᠡᠭᠴᠢᠳ ᠳ᠋ᠤᠭᠠᠷ ᠠᠬᠢᠬᠤ ᠲᠤᠰᠤᠮ ᠮᠣᠩᠭᠣᠯ ᠬᠡᠯᠡᠨ ᠦ ᠪᠡᠨ ᠦᠭᠡᠰ ᠦᠨ ᠰᠠᠩ᠂ ᠵᠥᠪ ᠪᠢᠴᠢᠭ ᠦᠨ ᠳᠦᠷᠢᠮ ᠦᠨ ᠮᠡᠳᠡᠯᠭᠡ ᠶᠢ ᠲᠡᠯᠡᠬᠦ ᠶᠢᠨ ᠰᠠᠴᠠᠭᠤ ᠬᠠᠷᠢᠯᠴᠠᠨ ᠥᠷᠢᠰᠦᠯᠳᠦᠵᠦ᠂ ᠳᠣᠲᠣᠨᠣ ᠨᠥᠬᠥᠷᠯᠡᠵᠦ ᠪᠠᠶᠢᠭ᠎ᠠ ᠨᠢ ᠬᠠᠷᠠᠭᠳᠠᠵᠤ ᠪᠠᠶᠢᠪᠠ᠃
ᠲᠡᠳᠡ ᠭᠠᠭᠴᠠᠭᠠᠷ ᠪᠣᠯᠤᠨ ᠪᠠᠭ ᠢᠶᠠᠷ ᠦᠨᠳᠦᠰᠦᠨ ᠦᠰᠦᠭᠯᠡᠯ ᠦᠨ ᠦᠶ᠎ᠡ ᠳᠦ ᠦᠷᠢᠰᠦᠯᠳᠦᠬᠦ ᠡᠴᠡ ᠭᠠᠳᠠᠨ᠎ᠠ ᠬᠡᠨ ᠨᠢ ᠬᠠᠮᠤᠭ ᠤᠨ ᠬᠤᠷᠳᠤᠨ ᠦᠰᠦᠭᠯᠡᠵᠦ᠂ ᠪᠢᠴᠢᠬᠦ ᠪᠡᠨ ᠲᠣᠳᠣᠷᠠᠭᠤᠯᠳᠠᠭ ᠤᠯᠠᠮᠵᠢᠯᠠᠯ ᠲᠠᠢ᠃ ᠨᠡᠪᠲᠡᠷᠡᠭᠦᠯᠭᠡ ᠶᠢᠨ ᠡᠬᠢᠨ ᠦ ᠳ᠋ᠤᠭᠠᠷ ᠰᠠᠴᠤᠭᠳᠠᠭᠰᠠᠨ ᠤ ᠳᠠᠷᠠᠭ᠎ᠠ ᠮᠣᠩᠭᠣᠯ ᠬᠡᠯᠡᠨ ᠦ ᠳᠦᠷᠢᠮ᠂ ᠦᠭᠡᠰ ᠦᠨ ᠰᠠᠩ ᠤᠨ ᠲᠠᠯ᠎ᠠ ᠪᠠᠷ ᠣᠯᠠᠨ ᠲᠥᠷᠥᠯ ᠦᠨ ᠬᠡᠯᠡᠯᠴᠡᠭᠦᠯᠭᠡ᠂ ᠰᠢᠭᠦᠮᠵᠢ ᠥᠷᠨᠢᠭᠰᠡᠨ ᠪᠥᠭᠡᠳ 《ᠴᠣᠮᠣᠷᠯᠢᠭ》᠂ 《ᠢᠳᠡᠪᠬᠢᠵᠢᠵᠡᠢ》᠂ 《 ᠠᠳᠢᠰᠯᠠᠨ᠎ᠠ》 ᠭᠡᠬᠦ ᠮᠡᠲᠦ ᠦᠭᠡ ᠦᠵᠡᠭᠴᠢᠳ ᠦᠨ ᠠᠩᠬᠠᠷᠤᠯ ᠢ ᠲᠠᠲᠠᠭᠰᠠᠨ᠃ 2018 ᠣᠨ ᠳᠤ ᠭᠠᠷᠤᠭᠰᠠᠨ 《ᠵᠥᠪ ᠪᠢᠴᠢᠭ ᠦᠨ ᠳᠦᠷᠢᠮ ᠦᠨ ᠵᠢᠷᠤᠮᠯᠠᠭᠰᠠᠨ ᠲᠣᠯᠢ》 ᠍ ᠳᠦ ᠪᠤᠢ ᠳᠦᠷᠢᠮ᠂ ᠦᠭᠡᠰ 1983 ᠣᠨ ᠤ ᠬᠢ ᠲᠠᠢ ᠠᠳᠠᠯᠢ ᠬᠡᠪ ᠢᠶᠡᠷ ᠪᠠᠶᠢᠭ᠎ᠠ ᠶᠢ ᠬᠡᠯᠡ ᠰᠢᠨᠵᠢᠯᠡᠯ ᠦᠨ ᠰᠠᠯᠪᠤᠷᠢ ᠶᠢᠨ ᠬᠢᠨ ᠣᠨᠴᠠᠯᠠᠵᠤ᠂ ᠲᠠᠶᠢᠯᠪᠤᠷᠢ ᠥᠭᠭᠦᠭᠰᠡᠨ ᠶᠤᠮ᠃ ᠳᠥᠷᠪᠡᠨ ᠳ᠋ᠤᠭᠠᠷ ᠤᠨ ᠳᠠᠷᠠᠭ᠎ᠠ ᠰᠢᠯᠭᠠᠷᠠᠭᠰᠠᠨ ᠰᠢᠯᠢᠳᠡᠭ 20 ᠦᠰᠦᠭᠯᠡᠭᠴᠢ ᠶᠢᠨ ᠥᠷᠢᠰᠦᠯᠳᠦᠭᠡᠨ ᠴᠢᠨᠠᠭᠰᠢᠳᠠ ᠢᠯᠡᠭᠦᠦ ᠰᠣᠨᠢᠷᠬᠠᠯ ᠲᠠᠢ ᠪᠣᠯᠵᠤ᠂ ᠣᠯᠠᠨ ᠡᠷᠡᠭᠡᠯᠵᠡᠭᠡ ᠲᠡᠢ ᠦᠭᠡ ᠶᠢᠨ ᠲᠠᠶᠢᠯᠤᠯ᠂ ᠳᠦᠷᠢᠮ ᠦᠨ ᠮᠡᠳᠡᠯᠭᠡ ᠶᠢ ᠲᠠ ᠪᠢᠳᠡᠨ ᠳᠦ ᠣᠯᠭᠣᠬᠤ ᠪᠢᠵᠡ ᠡ᠃

ᠰᠡᠳᠬᠢᠭᠳᠡᠯ ᠦᠯᠡᠳᠡᠭᠡᠬᠦ