ᠶᠢᠰᠦᠨᠪᠤᠯᠠᠭ ᠦᠨ ᠰᠤᠷᠤᠭᠴᠢᠳ《ᠬᠥᠮᠥᠨ ᠪᠢᠴᠢᠭᠲᠡᠨ》ᠪᠣᠯᠵᠠᠢ  | News.MN

ᠶᠢᠰᠦᠨᠪᠤᠯᠠᠭ ᠦᠨ ᠰᠤᠷᠤᠭᠴᠢᠳ《ᠬᠥᠮᠥᠨ ᠪᠢᠴᠢᠭᠲᠡᠨ》ᠪᠣᠯᠵᠠᠢ 

 

ᠮᠣᠩᠭᠣᠯ ᠤᠨ ᠣᠷᠴᠢᠨ ᠦᠶ᠎ᠡ ᠶᠢᠨ ᠳᠦᠷᠰᠦᠯᠡᠬᠦ ᠤᠷᠠᠯᠢᠭ ᠢ ᠦᠨᠳᠦᠰᠦᠯᠡᠭᠴᠢ ᠪᠠᠯᠳᠠᠤ ᠶᠢᠨ ᠰᠢᠷᠠᠪ ᠤᠨ ᠨᠡᠷᠡᠮᠵᠢᠲᠦ ᠭᠣᠪᠢ-ᠠᠯᠲᠠᠢ ᠠᠶᠢᠮᠠᠭ ᠤᠨ ᠶᠢᠰᠦᠨᠪᠤᠯᠠᠭ ᠰᠤᠮᠤ ᠶᠢᠨ ᠶᠡᠷᠦᠩᠬᠡᠢ ᠪᠣᠯᠪᠠᠰᠤᠷᠠᠯ ᠤᠨ ᠭᠤᠷᠪᠠᠳᠤᠭᠠᠷ ᠰᠤᠷᠭᠠᠭᠤᠯᠢ ᠶᠢᠨ ᠳ ∙ ᠲᠤᠩᠭᠠᠯᠠᠭ ᠪᠠᠭᠰᠢ ᠲᠠᠢ 11B ᠠᠩᠬᠢ ᠶᠢᠨ ᠬᠠᠮᠲᠤ ᠣᠯᠠᠨ《ᠬᠥᠮᠥᠨ ᠪᠢᠴᠢᠭ》ᠰᠣᠨᠢᠨ ᠢ ᠠᠩᠭᠢ ᠪᠠᠷ ᠢᠶᠠᠨ ᠵᠠᠬᠢᠶᠠᠯᠠᠵᠠᠢ᠃
ᠪᠠᠭᠰᠢ ᠳ ∙ ᠲᠤᠩᠭᠠᠯᠠᠭ ᠨᠢ ᠠᠷᠠᠳ ᠤᠨ ᠪᠣᠯᠪᠠᠰᠤᠷᠠᠯ ᠤᠨ ᠲᠡᠷᠢᠭᠦᠨ ᠦ ᠠᠵᠢᠯᠲᠠᠨ᠂ ᠲᠡᠷᠢᠭᠦᠯᠡᠬᠦ ᠵᠡᠷᠭᠡ ᠲᠡᠢ᠂ ᠪᠣᠯᠪᠠᠰᠤᠷᠠᠯ ᠤᠨ ᠪᠠᠶᠢᠭᠤᠯᠤᠯᠭ᠎ᠠ ᠳᠤ ᠲᠠᠰᠤᠷᠠᠯᠲᠠ ᠦᠭᠡᠢ 32 ᠵᠢᠯ ᠠᠵᠢᠯᠯᠠᠵᠤ ᠪᠤᠢ ᠪᠥᠭᠡᠳ ᠲᠤᠰ ᠠᠩᠭᠢ ᠶᠢ ᠵᠢᠷᠭᠤᠭ᠎ᠠ ᠳ᠋ᠠᠬᠢ ᠵᠢᠯ ᠳᠦ ᠪᠡᠨ ᠳᠠᠭᠠᠭᠠᠨ ᠠᠵᠢᠯᠯᠠᠵᠤ ᠪᠤᠢ᠃ ᠮᠣᠩᠭᠣᠯ ᠬᠡᠯᠡ᠂ ᠤᠷᠠᠨ ᠵᠣᠬᠢᠶᠠᠯ ᠤᠨ ᠪᠠᠭᠰᠢ ᠳ∙ᠳᠤᠯᠵᠢᠳᠮ᠎ᠠ᠄ ᠰᠤᠷᠤᠭᠴᠢᠳ ᠵᠢᠷᠭᠤᠭ᠎ᠠ ᠳ᠋ᠠᠬᠢ ᠵᠢᠯ ᠳᠦ ᠪᠡᠨ ᠮᠣᠩᠭᠣᠯ ᠪᠢᠴᠢᠭ ᠦᠨ ᠬᠢᠴᠢᠶᠡᠯ ᠳᠦ ᠪᠡᠨ ᠰᠢᠮᠳᠠᠨ ᠰᠤᠷᠤᠯᠴᠠᠵᠤ ᠪᠠᠶᠢᠭ᠎ᠠ ᠪᠥᠭᠡᠳ《ᠬᠥᠮᠥᠨ ᠪᠢᠴᠢᠭ》ᠰᠣᠨᠢᠨ ᠢᠶᠠᠨ ᠵᠠᠬᠢᠶᠠᠯᠠᠨ ᠤᠩᠰᠢᠵᠤ ᠦᠨᠳᠦᠰᠦᠨ ᠦ ᠪᠢᠴᠢᠭ ᠢᠶᠡᠷ ᠤᠩᠰᠢᠬᠤ᠂ ᠪᠢᠴᠢᠬᠦ ᠴᠢᠳᠠᠪᠤᠷᠢ ᠪᠠᠨ ᠠᠬᠢᠭᠤᠯᠤᠨ ᠬᠥᠭᠵᠢᠭᠦᠯᠦᠭᠰᠡᠭᠡᠷ ᠪᠠᠶᠢᠨ᠎ᠠ᠃ 2019-2020 ᠣᠨ ᠤ ᠬᠢᠴᠢᠶᠡᠯ ᠦᠨ ᠵᠢᠯ ᠳᠦ 《ᠬᠥᠮᠥᠨ ᠪᠢᠴᠢᠭ》ᠰᠣᠨᠢᠨ ᠤ ᠨᠡᠷᠡᠮᠵᠢᠲᠦ《ᠮᠣᠩᠭᠣᠯ ᠤᠨ ᠰᠠᠶᠢᠬᠠᠨ ᠪᠢᠴᠢᠭᠲᠡᠨ -2019》ᠤᠷᠤᠯᠳᠤᠭᠠᠨ ᠳᠤ ᠠᠮᠵᠢᠯᠲᠠᠲᠠᠢ ᠣᠷᠣᠯᠴᠠᠭᠰᠠᠨ ᠬᠡᠮᠡᠨ ᠶᠠᠷᠢᠯ᠎ᠠ᠃

ᠰᠡᠳᠬᠢᠭᠳᠡᠯ ᠦᠯᠡᠳᠡᠭᠡᠬᠦ