ᠬᠤᠲᠠᠯᠠ ᠭᠦᠩᠵᠤ ᠶᠢᠨ ᠳᠦᠷᠢ ᠶᠢ ᠮ ∙ ᠴᠡᠷᠡᠨᠳᠤᠯᠭᠠᠷ ᠪᠦᠲᠦᠭᠡᠵᠦ ᠪᠠᠶᠢᠨ᠎ᠠ | News.MN

 ᠬᠤᠲᠠᠯᠠ ᠭᠦᠩᠵᠤ ᠶᠢᠨ ᠳᠦᠷᠢ ᠶᠢ ᠮ ∙ ᠴᠡᠷᠡᠨᠳᠤᠯᠭᠠᠷ ᠪᠦᠲᠦᠭᠡᠵᠦ ᠪᠠᠶᠢᠨ᠎ᠠ

 

《ᠰᠢᠭᠦᠳᠡᠷᠢ》ᠫᠷᠤᠳᠠᠺᠱᠢᠨ ᠤ ᠬᠤᠶᠠᠳᠠᠬᠢ ᠲᠡᠦᠬᠡᠨ ᠰᠡᠳᠦᠪᠲᠦ ᠺᠢᠨᠣ᠋ 《 ᠬᠤᠲᠠᠯᠠ ᠭᠦᠩᠵᠦ》 ᠤᠷᠠᠨ ᠰᠠᠶᠢᠬᠠᠨ ᠤ ᠺᠢᠨᠤ᠋ ᠶᠢᠨ ᠠᠩᠬᠠᠨ ᠤ ᠲᠢᠽᠧᠷ ᠰᠠᠴᠤᠭᠳᠠᠯ᠎ᠠ᠃ ᠥᠷᠥᠨ᠎ᠡ ᠳᠤᠷᠤᠨ᠎ᠠ ᠶᠢᠨ ᠲᠡᠦᠬᠡᠨ ᠳᠦ ᠮᠥᠩᠬᠡᠷᠡᠭᠰᠡᠨ ᠭᠣᠸ᠎ᠠ ᠦᠵᠡᠰᠬᠦᠯᠡᠩᠲᠦ᠂ ᠬᠦᠴᠦᠲᠦ ᠪᠥᠬᠡ ᠭᠦᠩᠵᠦ ᠬᠤᠲᠠᠯᠠ ᠶᠢᠨ ᠳᠦᠷᠢ ᠳᠦ ᠵᠦᠴᠦᠭᠡᠴᠢᠨ ᠮᠣᠳᠧᠯ ᠮ∙ᠴᠡᠷᠡᠨᠳᠤᠯᠭᠠᠷ ᠲᠣᠭᠯᠠᠵᠠᠢ᠃ ᠪ∙ᠰᠢᠭᠦᠳᠡᠷᠴᠡᠴᠡᠭ ᠦᠨ ᠢᠵᠢᠯ ᠨᠡᠷᠡᠲᠦ ᠵᠣᠬᠢᠶᠠᠯ ᠢᠶᠠᠷ ᠡᠬᠡ ᠠᠪᠤᠨ ᠪᠦᠲᠦᠭᠡᠭᠳᠡᠵᠦ ᠪᠤᠢ 《 ᠬᠤᠲᠠᠯᠠ ᠭᠦᠩᠵᠦ》 ᠺᠢᠨᠤ᠋ ᠶᠢᠨ ᠶᠡᠷᠦᠩᠬᠡᠢ ᠨᠠᠶᠢᠷᠠᠭᠤᠯᠤᠭᠴᠢ ᠪᠠᠷ ᠰ ∙ ᠪᠠᠰᠠᠩᠵᠢᠷᠭᠠᠯ᠂ ᠶᠡᠷᠦᠩᠬᠡᠢ ᠵᠢᠷᠤᠭᠯᠠᠭᠠᠴᠢ ᠪᠠᠷ ᠭ ∙ ᠪᠠᠲᠤ-ᠢᠷᠡᠭᠡᠳᠦᠢ᠂ ᠶᠡᠷᠦᠩᠬᠡᠢ ᠵᠢᠷᠤᠭᠠᠴᠢ ᠪᠠᠷ ᠯ∙ᠪᠠᠲᠤᠪᠢᠯᠢᠭ᠌ ᠠᠵᠢᠯᠯᠠᠵᠤ ᠪᠠᠶᠢᠨ᠎ᠠ᠃
ᠺᠢᠨᠣ᠋ ᠨᠡᠭᠡᠭᠡᠯᠲᠡ ᠡᠴᠡ ᠪᠡᠨ ᠵᠢᠯ ᠦᠨ ᠡᠮᠦᠨ᠎ᠡ ᠲᠢᠽᠧᠷ ᠨᠢ ᠡᠢᠨ ᠰᠠᠴᠤᠭᠳᠠᠵᠤ ᠪᠠᠶᠢᠭ᠎ᠠ ᠶᠤᠮ᠃ ᠲᠢᠽᠧᠷ ᠤᠨ ᠬᠥᠭᠵᠢᠮ ᠢ ᠭ∙ᠳᠠᠸᠠᠬᠦᠦ ᠪᠢᠴᠢᠭᠰᠡᠨ ᠪᠥᠭᠡᠳ ᠺᠢᠨᠣ᠋ ᠪᠠᠭ《ᠮᠣᠩᠭᠣᠯ ᠮᠣᠬᠣᠰᠢ ᠦᠭᠡᠢ》ᠭᠡᠰᠡᠨ ᠤᠷᠢᠶ᠎ᠠ ᠲᠠᠢ ᠠᠵᠡᠢ᠃ ᠺᠢᠨᠤ᠋ ᠶᠢᠨ ᠵᠢᠷᠤᠭ ᠠᠪᠤᠯᠲᠠ 50 ᠭᠠᠷᠤᠢ ᠬᠤᠪᠢᠲᠠᠢ ᠶᠠᠪᠤᠵᠤ ᠪᠠᠶᠢᠭ᠎ᠠ ᠠᠵᠢ᠃ ᠲᠡᠦᠬᠡᠨ ᠲᠤᠯᠤᠭᠠᠨᠲᠤ ᠲᠥᠷᠥᠯ ᠦᠨ ᠡᠨᠡ ᠺᠢᠨᠣ᠋ 2021 ᠣᠨ ᠤ ᠠᠷᠪᠠᠨ ᠨᠢᠭᠡᠳᠦᠭᠡᠷ ᠰᠠᠷ᠎ᠠ ᠳᠤ ᠨᠡᠭᠡᠭᠡᠯᠲᠡ ᠪᠡᠨ ᠬᠢᠬᠦ ᠪᠡᠷ ᠲᠣᠪᠯᠠᠵᠠᠢ᠃

ᠰᠡᠳᠬᠢᠭᠳᠡᠯ ᠦᠯᠡᠳᠡᠭᠡᠬᠦ