ᠶᠡᠷᠦᠩᠬᠡᠶᠢᠯᠡᠭᠴᠢ ᠬ ∙ ᠪᠠᠲᠤᠲᠤᠯᠭ᠎ᠠ ᠪ ∙ᠪᠤᠳᠠᠵᠢᠷᠭᠠᠯ ᠲᠠᠢ ᠤᠲᠠᠰᠤ ᠪᠠᠷ ᠶᠠᠷᠢᠵᠠᠢ  | News.MN

ᠶᠡᠷᠦᠩᠬᠡᠶᠢᠯᠡᠭᠴᠢ ᠬ ∙ ᠪᠠᠲᠤᠲᠤᠯᠭ᠎ᠠ ᠪ ∙ᠪᠤᠳᠠᠵᠢᠷᠭᠠᠯ ᠲᠠᠢ ᠤᠲᠠᠰᠤ ᠪᠠᠷ ᠶᠠᠷᠢᠵᠠᠢ 

ᠬᠣᠯᠠ ᠶᠢᠨ ᠵᠠᠢ ᠶᠢᠨ ᠭᠦᠶᠦᠯᠲᠡ ᠶᠢᠨ ᠬᠣᠯᠪᠣᠭᠠᠨ ᠠᠴᠠ ᠵᠣᠬᠢᠶᠠᠨ ᠪᠠᠢᠭᠤᠯᠳᠠᠭ ᠤᠷᠤᠯᠳᠤᠭᠠᠨ ᠲᠡᠮᠡᠴᠡᠭᠡᠨ ᠨᠦᠭᠦᠳ ᠲᠦ ᠠᠮᠵᠢᠯᠲᠠᠲᠠᠢ ᠣᠷᠣᠯᠴᠠᠵᠤ᠂ ᠳᠡᠯᠡᠬᠡᠢ ᠶᠢᠨ ᠳᠥᠷᠪᠡᠨ ᠤᠳᠠᠭ᠎ᠠ ᠶᠢᠨ ᠠᠪᠤᠷᠭᠤ ᠪᠣᠯᠤᠭᠰᠠᠨ ᠪ ∙ᠪᠤᠳᠠᠵᠢᠷᠭᠠᠯ ᠳᠠᠷᠠᠭ᠎ᠠ ᠶᠢᠨ ᠲᠡᠮᠡᠴᠡᠭᠡᠨ ᠳᠦ ᠪᠡᠨ ᠣᠷᠣᠯᠴᠠᠵᠤ ᠪᠠᠶᠢᠨ᠎ᠠ᠃ ᠲᠡᠷᠡ ᠪᠡᠷ ᠣᠳᠣ ᠠᠮᠧᠷᠢᠺᠠ ᠶᠢᠨ ᠹᠯᠣᠷᠢᠳᠠ ᠮᠤᠵᠢ ᠳᠤ ᠪᠣᠯᠵᠤ ᠪᠤᠢ Fort Lauderdale Florida USA 6 ᠵᠢᠷᠭᠤᠭᠠᠨ ᠡᠳᠦᠷ᠂ ᠵᠢᠷᠭᠤᠭᠠᠨ ᠰᠥᠨᠢ ᠶᠢᠨ ᠬᠡᠲᠦ ᠬᠣᠯᠠ ᠶᠢᠨ ᠵᠠᠢ ᠶᠢᠨ ᠭᠦᠶᠦᠯᠲᠡ ᠶᠢᠨ ᠲᠡᠮᠡᠴᠡᠭᠡᠨ ᠳᠦ ᠣᠷᠣᠯᠴᠠᠵᠤ ᠪᠠᠶᠢᠭ᠎ᠠ ᠶᠤᠮ᠃

ᠲᠡᠭᠦᠨ ᠳᠦ ᠶᠡᠷᠦᠩᠬᠡᠶᠢᠯᠡᠭᠴᠢ ᠬ ∙ᠪᠠᠲᠤᠲᠤᠯᠭ᠎ᠠ ᠠᠮᠵᠢᠯᠲᠠ ᠬᠦᠰᠡᠵᠦ᠂ ᠤᠲᠠᠰᠤ ᠪᠠᠷ ᠶᠠᠷᠢᠵᠠᠢ᠃  ᠬᠦᠭᠡᠷᠦᠬᠦᠨ ᠶᠤᠮ ᠪᠤᠢ᠃ ᠶᠡᠷᠦᠩᠬᠡᠶᠢᠯᠡᠭᠴᠢ ᠠᠮᠵᠢᠯᠲᠠ ᠬᠦᠰᠡᠵᠦ ᠶᠠᠷᠢᠬᠤ ᠳᠤ ᠨᠢᠭᠤᠷ ᠲᠤ ᠨᠢ ᠪᠠᠶᠠᠷ ᠤᠨ ᠰᠤᠪᠢᠩ ᠲᠠᠲᠠᠵᠤ ᠪᠠᠶᠢᠨ᠎ᠠ᠃ ᠠᠮᠵᠢᠯᠲᠠ᠂ ᠪ∙ᠪᠤᠳᠠᠵᠢᠷᠭᠠᠯ ᠡ ᠃ ᠶᠡᠷᠦᠩᠬᠡᠶᠢᠯᠡᠭᠴᠢ ᠲᠠᠮᠢᠷᠴᠢᠨ ᠬᠦᠮᠦᠨ ᠪᠣᠯᠬᠣᠷ ᠲᠡᠭᠦᠨ ᠦ ᠢᠲᠡᠭᠡᠯ ᠰᠡᠳᠬᠢᠯ ᠵᠣᠷᠢᠭ ᠵᠢᠷᠦᠬᠡ᠂ ᠲᠡᠰᠪᠦᠷᠢ ᠲᠡᠪᠴᠢᠶᠡᠷᠢ ᠶᠢ ᠶᠠᠰᠤ ᠮᠢᠬ᠎ᠠ ᠪᠠᠷ ᠢᠶᠠᠨ ᠮᠡᠳᠡᠷᠡᠵᠦ ᠪᠠᠶᠢᠭ᠎ᠠ ᠭᠡᠵᠦ ᠨᠢᠭᠡᠨ ᠵᠢᠷᠭᠢᠭᠡᠴᠢ ᠵᠢᠷᠭᠢᠵᠡᠢ᠃

ᠰᠡᠳᠬᠢᠭᠳᠡᠯ ᠦᠯᠡᠳᠡᠭᠡᠬᠦ