ᠶᠡᠷᠦᠩᠬᠡᠢᠯᠡᠭᠴᠢ ᠶᠢᠨ ᠲᠡᠳᠭᠦᠯᠭᠡ ᠶᠢᠨ ᠮᠠᠲᠸᠷᠢᠶᠠᠯ ᠢ ᠴᠠᠬᠢᠮ ᠢᠶᠠᠷ ᠠᠪᠤᠨ᠎ᠠ | News.MN

 ᠶᠡᠷᠦᠩᠬᠡᠢᠯᠡᠭᠴᠢ ᠶᠢᠨ ᠲᠡᠳᠭᠦᠯᠭᠡ ᠶᠢᠨ ᠮᠠᠲᠸᠷᠢᠶᠠᠯ ᠢ ᠴᠠᠬᠢᠮ ᠢᠶᠠᠷ ᠠᠪᠤᠨ᠎ᠠ

ᠰᠢᠯᠢᠳᠡᠭ ᠣᠶᠤᠲᠠᠨ ᠳᠤ ᠣᠯᠭᠣᠬᠤ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠲᠡᠳᠬᠦᠯᠭᠡ ᠶᠢᠨ ᠮᠠᠲ᠋ᠧᠷᠢᠶᠠᠯ ᠬᠦᠯᠢᠶᠡᠨ ᠠᠪᠬᠤ ᠬᠤᠭᠤᠴᠠᠭ᠎ᠠ ᠶᠢ ᠡᠨᠡ ᠰᠠᠷ᠎ᠠ ᠶᠢᠨ 25 ᠬᠦᠷᠲᠡᠯ᠎ᠡ ᠰᠤᠩᠭᠠᠵᠤ᠂ ᠴᠠᠬᠢᠮ ᠢᠶᠠᠷ ᠬᠦᠯᠢᠶᠡᠨ ᠠᠪᠬᠤ ᠪᠠᠷ ᠪᠣᠯᠵᠠᠢ᠃ ᠲᠡᠳᠬᠦᠯᠭᠡ ᠳᠦ ᠨᠡᠷ᠎ᠡ ᠳᠡᠪᠰᠢᠭᠴᠢᠳ ᠦᠨ ᠮᠠᠲ᠋ᠧᠷᠢᠶᠠᠯ ᠢ ᠡᠨᠡ ᠰᠠᠷ᠎ᠠ ᠶᠢᠨ 15 ᠍ ᠤ ᠳᠣᠲᠣᠷ᠎ᠠ ᠰᠢᠤᠳᠠᠨ ᠢᠶᠠᠷ ᠬᠦᠯᠢᠶᠡᠨ ᠠᠪᠬᠤ ᠪᠠᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠮᠡᠳᠡᠭᠳᠡᠵᠦ ᠪᠠᠢᠭᠰᠠᠨ ᠴᠤ ᠲᠠᠬᠤᠯ ᠡᠴᠡ ᠪᠤᠯᠵᠤ᠂ ᠵᠠᠰᠠᠭ ᠤᠨ ᠭᠠᠵᠠᠷ᠂ ᠤᠯᠤᠰ ᠤᠨ ᠣᠨᠴᠠᠭᠠᠢ ᠺᠣᠮᠢᠰ ᠠᠴᠠ ᠢᠷᠡᠬᠦ ᠰᠠᠷ᠎ᠠ ᠶᠢᠨ 1 ᠬᠦᠷᠲᠡᠯ᠎ᠡ 《ᠪᠦᠬᠦ ᠨᠡᠶᠢᠲᠡ ᠶᠢᠨ ᠪᠡᠯᠡᠨ ᠪᠠᠶᠢᠳᠠᠯ ᠤᠨ ᠵᠡᠷᠭᠡ》 ᠳᠦ ᠰᠢᠯᠵᠢᠭᠦᠯᠬᠦ ᠰᠢᠢᠳᠪᠦᠷᠢ ᠭᠠᠷᠭᠠᠭᠰᠠᠨ ᠲᠤᠯᠠ ᠮᠠᠲ᠋ᠧᠷᠢᠶᠠᠯ ᠢ ᠰᠢᠤᠳᠠᠨ ᠢᠶᠠᠷ ᠬᠦᠯᠢᠶᠡᠨ ᠠᠪᠬᠤ ᠪᠣᠯᠤᠮᠵᠢ ᠦᠭᠡᠢ ᠪᠣᠯᠤᠭᠰᠠᠨ ᠶᠤᠮ᠃ ᠡᠶᠢᠮᠦ ᠳᠦ ᠡᠨᠡ ᠰᠠᠷ᠎ᠠ ᠶᠢᠨ 25 ᠬᠦᠷᠲᠡᠯ᠎ᠡ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ press@president.mn ᠮᠡᠶᠢᠯ ᠬᠠᠶ᠋ᠢᠭ ᠢᠶᠠᠷ ᠬᠦᠯᠢᠶᠡᠨ ᠠᠪᠴᠤ ᠪᠠᠶᠢᠨ᠎ᠠ᠃

ᠰᠡᠳᠬᠢᠭᠳᠡᠯ ᠦᠯᠡᠳᠡᠭᠡᠬᠦ