ᠤᠭ᠍ᠶᠤᠲᠤᠯᠤᠭᠠᠢ ᠶᠢᠨ ᠵᠡᠰ ᠦᠨ ᠬᠡᠮᠵᠢᠶ᠎ᠡ 28% ᠪᠡᠷ ᠦᠰᠴᠡᠢ | News.MN

ᠤᠭ᠍ᠶᠤᠲᠤᠯᠤᠭᠠᠢ ᠶᠢᠨ ᠵᠡᠰ ᠦᠨ ᠬᠡᠮᠵᠢᠶ᠎ᠡ 28% ᠪᠡᠷ ᠦᠰᠴᠡᠢ

ᠤᠭ᠍ᠶᠤᠲᠤᠯᠤᠭᠠᠢ ᠺᠣᠮᠫᠠᠨᠢ 2020 ᠣᠨ ᠤ ᠭᠤᠷᠪᠠᠳᠤᠭᠠᠷ ᠤᠯᠠᠷᠢᠯ ᠤᠨ ᠲᠠᠢᠯᠤᠨ ᠢᠶᠠᠨ ᠲᠠᠨᠢᠯᠴᠠᠭᠤᠯᠤᠯ᠎ᠠ᠃
ᠭᠤᠷᠪᠠᠳᠤᠭᠠᠷ ᠤᠯᠠᠷᠢᠯ ᠳᠤ ᠲᠤᠰ ᠺᠤᠮᠫᠠᠨᠢ ᠲᠠᠲᠠᠪᠤᠷᠢ᠂ ᠲᠥᠯᠥᠪᠦᠷᠢ᠂ ᠬᠤᠷᠢᠶᠠᠮᠵᠢ ᠬᠡᠯᠪᠡᠷᠢ ᠪᠡᠷ 201 ᠰᠠᠶ᠎ᠠ ᠳ᠋ᠣᠯᠯᠠᠷ ᠢ ᠤᠯᠤᠰ ᠲᠤ ᠲᠥᠯᠦᠭᠰᠡᠨ ᠪᠣᠯ ᠦᠨᠳᠦᠰᠦᠨ ᠦ ᠬᠤᠳᠠᠯᠳᠤᠨ ᠠᠪᠤᠯᠲᠠ ᠳᠤ 273 ᠰᠠᠶ᠎ᠠ ᠳ᠋ᠣᠯᠯᠠᠷ ᠵᠠᠷᠤᠴᠠᠭᠤᠯᠵᠠᠢ᠃ ᠢᠯᠡ ᠠᠭᠤᠷᠬᠠᠢ ᠶᠢᠨ ᠠᠭᠤᠯᠭ᠎ᠠ ᠰᠠᠶᠢᠲᠠᠢ ᠬᠡᠰᠡᠭ ᠲᠦ ᠣᠯᠪᠤᠷᠢᠯᠠᠯᠲᠠ ᠰᠢᠯᠵᠢᠭᠰᠡᠨ  ᠢᠶᠠᠷ ᠭᠤᠷᠪᠠᠳᠤᠭᠠᠷ ᠤᠯᠠᠷᠢᠯ ᠳᠤ ᠣᠯᠪᠤᠷᠢᠯᠠᠭᠰᠠᠨ ᠵᠡᠰ ᠦᠨ ᠬᠡᠮᠵᠢᠶ᠎ᠡ 28% ᠪᠠᠷ ᠥᠰᠦᠭᠰᠡᠨ ᠪᠠᠶᠢᠨ᠎ᠠ᠃
2020 ᠣᠨ ᠤ ᠦᠯᠡᠳᠡᠭᠰᠡᠨ ᠬᠤᠭᠤᠴᠠᠭᠠᠨ ᠳᠤ ᠵᠡᠰ᠂ ᠠᠯᠲᠠᠨ ᠤ ᠠᠭᠤᠯᠭ᠎ᠠ ᠰᠠᠶᠢᠲᠠᠢ ᠬᠡᠰᠡᠭ ᠢ ᠦᠷᠭᠦᠯᠵᠢᠯᠡᠭᠦᠯᠦᠨ ᠣᠯᠪᠤᠷᠢᠯᠠᠵᠤ᠂ 140000 – 170000 ᠲᠣᠨ ᠵᠡᠰ᠂ 155 – 180 ᠮᠢᠩᠭᠠᠨ  ᠤᠨᠼ ᠠᠯᠲᠠ ᠦᠢᠯᠡᠳᠪᠦᠷᠢᠯᠡᠬᠦ ᠪᠡᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ