《ᠰᠢᠯᠦᠭᠦᠰᠦ》ᠺᠠᠨᠠ ᠺᠢᠨᠣ᠋ ᠨᠠᠭᠠᠳᠤᠮ ᠤᠨ ᠤᠷᠤᠯᠳᠤᠭᠠᠨᠲᠤ ᠬᠡᠰᠡᠭ ᠲᠦ ᠰᠢᠯᠭᠠᠷᠠᠵᠠᠢ  | News.MN

《ᠰᠢᠯᠦᠭᠦᠰᠦ》ᠺᠠᠨᠠ ᠺᠢᠨᠣ᠋ ᠨᠠᠭᠠᠳᠤᠮ ᠤᠨ ᠤᠷᠤᠯᠳᠤᠭᠠᠨᠲᠤ ᠬᠡᠰᠡᠭ ᠲᠦ ᠰᠢᠯᠭᠠᠷᠠᠵᠠᠢ 

ᠮᠣᠩᠭᠣᠯ ᠤᠨ ᠵᠠᠯᠠᠭᠤ ᠨᠠᠶᠢᠷᠠᠭᠤᠯᠤᠭᠴᠢ ᠫ ∙ᠯᠾᠬᠠᠪᠠᠳᠤᠯᠮ᠎ᠠ ᠶᠢᠨ ᠨᠠᠶᠢᠷᠠᠭᠤᠯᠤᠭᠰᠠᠨ 《ᠰᠢᠯᠦᠭᠦᠰᠦ》 ᠪᠣᠭᠣᠨᠢ ᠬᠡᠮᠵᠢᠶᠡᠨ ᠦ ᠺᠢᠨᠣ᠋ ᠺᠠᠨᠠ ᠺᠢᠨᠣ᠋ ᠨᠠᠭᠠᠳᠤᠮ ᠤᠨ ᠤᠷᠤᠯᠳᠤᠭᠠᠨᠲᠤ ᠬᠡᠰᠡᠭ ᠲᠦ ᠰᠢᠯᠭᠠᠷᠠᠵᠠᠢ᠃ ᠤᠭ ᠺᠢᠨᠣ᠋ ᠨᠢ ᠥᠩᠭᠡᠷᠡᠭᠰᠡᠨ ᠵᠢᠷᠭᠤᠳᠤᠭᠠᠷ ᠰᠠᠷ᠎ᠠ ᠳᠤ ᠺᠠᠨᠠ ᠣᠯᠠᠨ ᠤᠯᠤᠰ ᠤᠨ ᠺᠢᠨᠣ᠋ ᠨᠠᠭᠠᠳᠤᠮ ᠤᠨ 《ᠪᠣᠭᠣᠨᠢ ᠬᠡᠮᠵᠢᠶᠡᠨ ᠦ  ᠺᠢᠨᠤ᠋ ᠶᠢᠨ ᠤᠷᠤᠯᠳᠤᠭᠠᠨᠲᠤ ᠬᠡᠰᠡᠭ》 ᠲᠤ ᠰᠢᠯᠭᠠᠷᠠᠵᠤ᠂ ᠰᠢᠯᠢᠳᠡᠭ 11 ᠪᠦᠲᠦᠭᠡᠯ ᠦᠨ ᠨᠢᠭᠡ ᠪᠡᠷ ᠰᠢᠯᠭᠠᠷᠠᠭᠠᠳ ᠪᠠᠶᠢᠭᠰᠠᠨ ᠶᠤᠮ᠃ ᠲᠣᠳᠣᠷᠠᠭᠤᠯᠪᠠᠯ᠂ ᠳᠡᠯᠡᠬᠡᠢ ᠶᠢᠨ 137 ᠣᠷᠣᠨ ᠤ 3810 ᠺᠢᠨᠣ᠋ ᠪᠦᠲᠦᠭᠡᠯ ᠢᠷᠡᠭᠰᠡᠨ ᠡᠴᠡ ᠰᠢᠭᠦᠭᠴᠢᠳ 12 ᠣᠷᠣᠨ ᠤ 11 ᠺᠢᠨᠤ᠋ ᠶᠢ ᠰᠢᠯᠭᠠᠷᠠᠭᠤᠯᠤᠭᠰᠠᠨ ᠪᠠᠶᠢᠨ᠎ᠠ᠃  ᠡᠭᠦᠨ ᠤ ᠲᠠᠪᠤᠨ ᠺᠢᠨᠣ᠋ ᠨᠢ ᠡᠮᠡᠭᠲᠡᠢ ᠨᠠᠶᠢᠷᠠᠭᠤᠯᠤᠭᠴᠢ ᠶᠢᠨ ᠪᠦᠲᠦᠭᠡᠯ ᠪᠠᠢᠵᠠᠢ᠃
ᠤᠭ ᠺᠢᠨᠣᠨ ᠳᠤ ᠵᠢᠷᠦᠬᠡᠨ ᠦ ᠡᠪᠡᠳᠴᠢᠲᠡᠢ ᠥᠬᠢᠨ ᠡᠵᠢ ᠶᠢᠨ ᠢᠶᠡᠨ ᠰᠢᠬᠠᠯᠲᠠ ᠪᠠᠷ ᠪᠥᠭᠡ ᠳᠦ ᠦᠵᠡᠭᠦᠯᠬᠦ ᠪᠡᠷ ᠣᠴᠢᠨ᠎ᠠ᠃ ᠳᠤᠷᠠᠮᠵᠢᠬᠠᠨ ᠣᠴᠢᠭᠰᠠᠨ ᠥᠬᠢᠨ ᠲᠥᠰᠥᠭᠡᠯᠡᠭᠡ ᠦᠭᠡᠢ ᠮᠡᠳᠡᠷᠡᠮᠵᠢ᠂ ᠰᠡᠳᠬᠢᠯ ᠲᠠᠶᠢᠯᠤᠯ ᠢ ᠲᠡᠨᠳᠡ ᠡᠴᠡ ᠣᠯᠵᠤ ᠠᠪᠴᠤ ᠪᠤᠢ ᠲᠠᠯ᠎ᠠ ᠪᠠᠷ ᠥᠭᠦᠯᠡᠬᠦ ᠶᠤᠮ ᠃

ᠰᠡᠳᠬᠢᠭᠳᠡᠯ ᠦᠯᠡᠳᠡᠭᠡᠬᠦ