ᠵᠢᠭᠡᠯᠡ ᠶᠢᠨ ᠲᠥᠯᠥᠪᠦᠷᠢ ᠶᠢ ᠰᠤᠩᠭᠠᠬᠤ ᠵᠣᠬᠢᠴᠠᠭᠤᠯᠤᠯᠲᠠ ᠬᠢᠨ᠎ᠡ  | News.MN

ᠵᠢᠭᠡᠯᠡ ᠶᠢᠨ ᠲᠥᠯᠥᠪᠦᠷᠢ ᠶᠢ ᠰᠤᠩᠭᠠᠬᠤ ᠵᠣᠬᠢᠴᠠᠭᠤᠯᠤᠯᠲᠠ ᠬᠢᠨ᠎ᠡ 

ᠵᠠᠰᠠᠭ ᠤᠨ ᠭᠠᠵᠠᠷ ᠠᠴᠠ ᠡᠳ᠋ ᠍ ᠦᠨ ᠵᠠᠰᠠᠭ ᠢ ᠳᠡᠮᠵᠢᠬᠦ ᠠᠷᠭ᠎ᠠ ᠬᠡᠮᠵᠢᠶ᠎ᠡ ᠶᠢ ᠲᠠᠨᠢᠯᠴᠠᠭᠤᠯᠬᠤ ᠦᠶ᠎ᠡ ᠪᠡᠷ ᠬᠡᠷᠡᠭᠯᠡᠭᠡᠨ ᠦ ᠵᠢᠭᠡᠯᠡ ᠶᠢᠨ ᠲᠠᠯ᠎ᠠ ᠪᠠᠷ ᠮᠣᠩᠭᠣᠯ ᠪᠠᠩᠭᠢᠨ ᠤ ᠶᠡᠷᠦᠩᠬᠡᠶᠢᠯᠡᠭᠴᠢ ᠪ ∙ᠯᠾᠬᠠᠪᠠᠰᠦ᠋ᠷᠤᠩ ᠲᠠᠶᠢᠯᠪᠤᠷᠢ  ᠬᠢᠪᠡ᠃
ᠤᠷᠤᠨ ᠰᠠᠭᠤᠴᠠᠨ ᠤ ᠵᠢᠭᠡᠯᠡ ᠨᠢ ᠬᠡᠷᠡᠭᠯᠡᠭᠡᠨ ᠦ ᠵᠢᠭᠡᠯᠡ ᠳᠦ ᠪᠠᠭᠲᠠᠳᠠᠭ᠃ ᠬᠡᠷᠡᠭᠯᠡᠭᠡᠨ ᠦ ᠵᠢᠭᠡᠯᠡ ᠳᠦ ᠴᠠᠯᠢᠩ᠂ ᠲᠡᠳᠬᠦᠪᠦᠷᠢ ᠪᠣᠯᠤᠨ ᠪᠠᠩᠬᠢ ᠥᠪᠡᠷ ᠦᠨ ᠡᠬᠢ ᠡᠭᠦᠰᠪᠦᠷᠢ ᠪᠡᠷ ᠣᠯᠭᠤᠭᠰᠠᠨ ᠵᠢᠭᠡᠯᠡ ᠪᠦᠭᠦᠳᠡ  ᠪᠠᠭᠲᠠᠬᠤ ᠲᠤᠯᠠ ᠦᠨᠳᠦᠰᠦᠨ ᠪᠣᠯᠤᠨ ᠬᠦᠦ ᠶᠢᠨ ᠲᠥᠯᠥᠪᠦᠷᠢ ᠶᠢ ᠬᠤᠶᠢᠰᠢᠯᠠᠭᠤᠯᠬᠤ ᠵᠣᠬᠢᠴᠠᠭᠤᠯᠤᠯᠲᠠ ᠬᠢᠭᠳᠡᠭᠡᠳ ᠶᠠᠪᠤᠨ᠎ᠠ ᠭᠡᠳᠡᠭ ᠢ ᠬᠡᠯᠡᠪᠡ᠃ ᠪᠠᠩᠬᠢᠨ ᠤ ᠰᠠᠯᠪᠤᠷᠢ ᠰᠠᠶ᠎ᠠ 366 ᠮᠢᠩᠭᠠᠨ ᠵᠢᠭᠡᠯᠡᠳᠦᠭᠴᠢᠳ ᠲᠦ 17.2 ᠶᠡᠬᠡ ᠨᠠᠶᠤᠳ ᠲᠥᠭᠥᠷᠢᠭ ᠦᠨ ᠵᠢᠭᠡᠯᠡ ᠣᠯᠭᠤᠭᠰᠠᠨ᠃ ᠡᠭᠦᠨ ᠡᠴᠡ 9.2 ᠶᠡᠬᠡ ᠨᠠᠶᠤᠳ ᠲᠥᠭᠥᠷᠢᠭ ᠨᠢ ᠬᠡᠷᠡᠭᠯᠡᠭᠡᠨ ᠦ ᠪᠤᠶᠤ ᠢᠷᠭᠡᠳ ᠦᠨ ᠵᠢᠭᠡᠯᠡ ᠪᠠᠶᠢᠨ᠎ᠠ᠃

ᠰᠡᠳᠬᠢᠭᠳᠡᠯ ᠦᠯᠡᠳᠡᠭᠡᠬᠦ