ᠣᠨᠴᠠ ᠪᠠᠶᠢᠳᠠᠯ ᠵᠠᠷᠯᠠᠪᠠᠯ ᠶᠠᠭᠠᠬᠢᠬᠤ ᠪᠤᠢ ᠭᠡᠳᠡᠭ ᠢ ᠶᠠᠷᠢᠯᠴᠠᠭᠰᠠᠨ  | News.MN

ᠣᠨᠴᠠ ᠪᠠᠶᠢᠳᠠᠯ ᠵᠠᠷᠯᠠᠪᠠᠯ ᠶᠠᠭᠠᠬᠢᠬᠤ ᠪᠤᠢ ᠭᠡᠳᠡᠭ ᠢ ᠶᠠᠷᠢᠯᠴᠠᠭᠰᠠᠨ 

ᠵᠠᠰᠠᠭ ᠤᠨ ᠭᠠᠵᠠᠷ ᠤᠨ ᠬᠤᠷᠠᠯᠳᠤᠭᠠᠨ ᠠᠴᠠ ᠭᠠᠷᠭᠠᠭᠰᠠᠨ ᠰᠢᠢᠳᠪᠦᠷᠢ ᠶᠢ ᠲᠠᠨᠢᠯᠴᠠᠭᠤᠯᠬᠤ ᠦᠶ᠎ᠡ ᠪᠡᠷ ᠶᠡᠷᠦᠩᠬᠡᠢ ᠰᠠᠶᠢᠳ ᠤ∙ᠬᠦᠷᠡᠯᠰᠦ᠋ᠬᠡ ᠳᠠᠷᠠᠭᠠᠬᠢ ᠮᠡᠳᠡᠭᠡᠯᠡᠯ ᠢ ᠦᠭᠭᠦᠯ᠎ᠡ᠃ ᠲᠡᠷᠡᠪᠡᠷ᠄ ᠬᠥᠯ ᠬᠣᠷᠢᠭ᠎ᠠ ᠶᠢ ᠠᠷᠪᠠᠨ ᠬᠣᠶᠠᠳᠤᠭᠠᠷ ᠰᠠᠷ᠎ᠠ ᠶᠢᠨ 1 ᠬᠦᠷᠲᠡᠯ᠎ᠡ ᠰᠤᠩᠭᠠᠭᠰᠠᠨ᠃ ᠡᠨᠡ ᠬᠤᠭᠤᠴᠠᠭᠠᠨ ᠳᠤ ᠬᠠᠯᠳᠠᠪᠤᠷᠢ ᠶᠢ ᠬᠤᠮᠢᠵᠤ᠂ ᠬᠣᠯᠪᠣᠭᠳᠠᠬᠤ ᠠᠷᠭ᠎ᠠ ᠬᠡᠮᠵᠢᠶ᠎ᠡ ᠶᠢ ᠠᠪᠤᠶ᠎ᠠ ᠭᠡᠵᠦ ᠪᠠᠶᠢᠭ᠎ᠠ ᠶᠤᠮ᠃ ᠵᠠᠰᠠᠭ ᠤᠨ ᠭᠠᠵᠠᠷ᠂ ᠤᠯᠤᠰ ᠤᠨ ᠣᠨᠴᠠᠭᠠᠢ ᠺᠣᠮᠢᠰ᠂ ᠮᠡᠷᠭᠡᠵᠢᠯ ᠦᠨ ᠪᠠᠶᠢᠭᠤᠯᠤᠯᠭ᠎ᠠ ᠨᠤᠭᠤᠳ ᠪᠦᠬᠦ ᠨᠥᠭᠡᠴᠡ ᠪᠣᠯᠤᠯᠴᠠᠭ᠎ᠠ ᠪᠠᠨ ᠳᠠᠶᠢᠴᠢᠯᠠᠵᠤ ᠠᠵᠢᠯᠯᠠᠶ᠎ᠠ᠃ ᠬᠠᠯᠳᠠᠪᠤᠷᠢ ᠠᠪᠤᠭᠰᠠᠨ ᠬᠦᠮᠦᠰ ᠦᠨ ᠬᠠᠪᠢᠲᠠᠯ ᠢ ᠮᠠᠰᠢ ᠰᠠᠶᠢᠨ ᠨᠢᠭᠲᠠᠯᠠᠨ ᠲᠣᠭᠲᠠᠭᠠᠶ᠎ᠠ᠃ ᠵᠠᠷᠢᠮ ᠢᠷᠭᠡᠨ ᠬᠠᠪᠢᠲᠠᠯ ᠤᠳ ᠢᠶᠠᠨ ᠨᠢᠭᠤᠵᠤ ᠪᠠᠶᠢᠨ᠎ᠠ᠃ ᠵᠠᠷᠢᠮ ᠳᠡᠭᠡᠷ᠎ᠡ ᠨᠢ ᠭᠦᠢᠴᠡᠳᠭᠡᠬᠦ ᠠᠵᠢᠯᠯᠠᠭ᠎ᠠ ᠶᠠᠪᠤᠭᠤᠯᠬᠤ ᠳᠥᠬᠥᠵᠦ ᠪᠠᠶᠢᠵᠤ ᠣᠯᠵᠤ ᠢᠯᠡᠷᠡᠭᠦᠯᠵᠦ ᠪᠠᠶᠢᠨ᠎ᠠ᠃
ᠠᠷᠪᠠᠨ ᠬᠣᠶᠠᠳᠤᠭᠠᠷ ᠰᠠᠷ᠎ᠠ ᠶᠢᠨ 1 ᠍ᠡᠴᠡ ᠬᠣᠶᠢᠰᠢ ᠨᠥᠬᠥᠴᠡᠯ ᠪᠠᠶᠢᠳᠠᠯ ᠬᠦᠨᠳᠦᠷᠡᠪᠡᠯ ᠪᠦᠬᠦ ᠨᠡᠶᠢᠲᠡ ᠶᠢᠨ ᠥᠨᠳᠦᠷᠵᠢᠭᠦᠯᠦᠭᠰᠡᠨ ᠪᠡᠯᠡᠨ ᠪᠠᠶᠢᠳᠠᠯ ᠤᠨ ᠬᠦᠷᠢᠶ᠎ᠡ ᠴᠠᠰᠢ ᠦᠷᠭᠦᠯᠵᠢᠯᠡᠨ᠎ᠡ᠃ ᠪᠦᠷ ᠱᠠᠭᠠᠷᠳᠠᠯᠭ᠎ᠠ ᠲᠠᠢ ᠪᠣᠯ ᠣᠨᠴᠠ ᠪᠠᠶᠢᠳᠠᠯ ᠲᠣᠭᠲᠠᠭᠠᠬᠤ ᠶᠢ ᠦᠭᠡᠶᠢᠰᠬᠡᠬᠦ ᠦᠭᠡᠢ᠃ ᠡᠶᠢᠮᠦ ᠵᠦᠢᠯ ᠪᠢᠲᠡᠭᠡᠢ ᠪᠣᠯᠤᠭᠠᠰᠠᠢ ᠭᠡᠵᠦ ᠴᠢᠩ ᠰᠡᠳᠬᠢᠯ ᠡᠴᠡ ᠪᠡᠨ ᠵᠠᠯᠪᠠᠷᠢᠵᠤ ᠪᠠᠶᠢᠨ᠎ᠠ᠃
ᠲᠡᠶᠢᠮᠦ ᠡᠴᠡ ᠪᠢᠳᠡ ᠲᠡᠰᠴᠦ ᠭᠠᠷᠬᠤ ᠶᠣᠰᠣᠲᠠᠢ᠂ ᠠᠮᠢᠳᠤ ᠪᠠᠶᠢᠬᠤ ᠶᠣᠰᠣᠲᠠᠢ᠃ ᠦᠷ᠎ᠡ ᠬᠡᠦᠬᠡᠳ᠂ ᠡᠪᠦᠭᠡ ᠡᠮᠡᠭᠡ ᠪᠡᠨ ᠺᠣᠷᠤᠨᠠ ᠭᠡᠳᠡᠭ ᠳᠠᠶᠢᠰᠤᠨ ᠳᠤ ᠠᠯᠳᠠᠮᠠᠷ ᠦᠭᠡᠢ ᠪᠠᠶᠢᠨ᠎ᠠ᠃ ᠨᠢᠭᠡ ᠴᠤ ᠬᠦᠮᠦᠨ ᠦ ᠠᠮᠢ ᠨᠠᠰᠤ ᠪᠢᠲᠡᠭᠡᠢ ᠬᠣᠬᠢᠷᠠᠭᠠᠰᠠᠢ ᠭᠡᠵᠦ ᠪᠣᠳᠣᠵᠤ ᠪᠠᠶᠢᠨ᠎ᠠ᠃ ᠪᠤᠷᠬᠠᠨ ᠤ ᠠᠪᠤᠷᠠᠯ ᠢᠶᠠᠷ ᠮᠠᠰᠢ ᠬᠦᠨᠳᠦ ᠪᠠᠶᠢᠭᠰᠠᠨ ᠨᠢᠭᠡᠨ ᠡᠮᠡᠭᠡ ᠶᠢᠨ ᠪᠡᠶ᠎ᠡ ᠥᠨᠥᠳᠥᠷ ᠡᠴᠡ ᠬᠦᠨᠳᠦ ᠶᠢᠨ ᠵᠡᠷᠭᠡ ᠤᠷᠤᠭᠤ ᠰᠢᠯᠵᠢᠵᠦ ᠪᠠᠶᠢᠨ᠎ᠠ᠃ ᠪᠡᠯᠡᠨ ᠪᠠᠶᠢᠳᠠᠯ ᠳᠤ ᠪᠠᠶᠢᠬᠤ ᠬᠡᠷᠡᠭᠲᠡᠢ᠂ ᠠᠷᠠᠳ ᠲᠦᠮᠡᠨ ᠮᠢᠨᠢ ᠃
ᠦᠨᠳᠦᠰᠦᠨ ᠦ ᠠᠶᠤᠯᠭᠦᠢ ᠪᠠᠶᠢᠳᠠᠯ ᠤᠨ ᠵᠥᠪᠯᠡᠯ ᠦᠨ ᠭᠤᠷᠪᠠᠨ ᠭᠡᠰᠢᠭᠦᠨ ᠡᠭᠦᠰᠦᠭᠡᠳ ᠪᠠᠶᠢᠭ᠎ᠠ ᠨᠥᠬᠥᠴᠡᠯ ᠪᠠᠶᠢᠳᠠᠯ ᠤᠨ ᠲᠠᠯ᠎ᠠ ᠪᠠᠷ ᠪᠠᠶᠢᠩᠭᠤ ᠰᠠᠨᠠᠯ ᠰᠣᠯᠢᠯᠴᠠᠵᠤ ᠪᠠᠶᠢᠭ᠎ᠠ᠃ ᠶᠡᠷᠦᠩᠬᠡᠶᠢᠯᠡᠭᠴᠢ ᠡᠭᠦᠨ ᠳᠦ ᠰᠡᠳᠬᠢᠯ ᠶᠡᠬᠡ ᠵᠣᠪᠠᠵᠤ ᠪᠠᠶᠢᠭ᠎ᠠ᠃ ᠬᠡᠷᠪᠡ ᠣᠨᠴᠠ ᠪᠠᠶᠢᠳᠠᠯ ᠵᠠᠷᠯᠠᠬᠤ ᠨᠥᠬᠥᠴᠡᠯ ᠪᠠᠶᠢᠳᠠᠯ ᠡᠭᠦᠰᠪᠡᠯ ᠶᠠᠭᠠᠬᠢᠬᠤ ᠪᠤᠢ ᠭᠡᠳᠡᠭ ᠲᠠᠯ᠎ᠠ ᠪᠠᠷ ᠶᠠᠷᠢᠯᠴᠠᠭᠰᠠᠨ᠃ ᠭᠡᠬᠦ ᠳᠦ ᠪᠡᠨ ᠣᠳᠣ ᠪᠠᠷ ᠤᠯᠤᠰ ᠤᠨ ᠬᠡᠮᠵᠢᠶᠡᠨ ᠳᠦ ᠣᠨᠴᠠ ᠪᠠᠶᠢᠳᠠᠯ ᠵᠠᠷᠯᠠᠬᠤ ᠲᠦᠪᠰᠢᠨ ᠳᠦ ᠬᠦᠷᠦᠭᠡᠳᠦᠢ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ