《ᠫᠠᠷᠯᠠᠮᠧᠨᠲ-30》ᠲᠡᠮᠡᠴᠡᠭᠡᠨ ᠦ ᠳ᠋ᠦᠩ ᠲᠣᠳᠣᠷᠠᠯ᠎ᠠ  | News.MN

《ᠫᠠᠷᠯᠠᠮᠧᠨᠲ-30》ᠲᠡᠮᠡᠴᠡᠭᠡᠨ ᠦ ᠳ᠋ᠦᠩ ᠲᠣᠳᠣᠷᠠᠯ᠎ᠠ 

ᠮᠣᠩᠭᠣᠯ ᠤᠯᠤᠰ ᠲᠤ ᠪᠠᠶᠢᠩᠭᠤ ᠶᠢᠨ ᠠᠵᠢᠯᠯᠠᠭ᠎ᠠ ᠲᠠᠢ ᠫᠠᠷᠯᠠᠮᠧᠨᠲ ᠪᠠᠢᠭᠤᠯᠤᠭᠳᠠᠭᠰᠠᠨ ᠤ 30 ᠵᠢᠯ ᠦᠨ ᠣᠢ ᠶᠢᠨ ᠬᠦᠷᠢᠶᠡᠨ ᠳᠦ ᠤᠯᠤᠰ ᠤᠨ ᠪᠠᠭ᠎ᠠ ᠬᠤᠷᠠᠯ ᠪᠣᠯᠤᠨ ᠦᠶ᠎ᠡ ᠦᠶ᠎ᠡ ᠶᠢᠨ ᠤᠯᠤᠰ ᠤᠨ ᠶᠡᠬᠡ ᠬᠤᠷᠠᠯ ᠤᠨ ᠭᠡᠰᠢᠭᠦᠳ  ᠤᠨ ᠳᠤᠮᠳᠠ ᠵᠣᠬᠢᠶᠠᠭᠳᠠᠭᠰᠠᠨ《ᠫᠠᠷᠯᠠᠮᠧᠨᠲ-30》ᠰᠢᠲᠠᠷ᠎ᠠ ᠶᠢᠨ ᠲᠡᠮᠡᠴᠡᠭᠡᠨ ᠥᠨᠳᠥᠷᠯᠡᠵᠦ᠂ ᠠᠪᠤᠷᠭᠤ ᠨᠤᠭᠤᠳ ᠢᠶᠠᠨ ᠲᠣᠳᠣᠷᠠᠭᠤᠯᠤᠯ᠎ᠠ᠃
ᠱᠠᠩᠨᠠᠯᠲᠤ ᠪᠠᠢᠷᠢ ᠡᠵᠡᠯᠡᠭᠰᠡᠨ ᠤᠯᠤᠰ ᠤᠨ ᠶᠡᠬᠡ ᠬᠤᠷᠠᠯ ᠤᠨ ᠡᠷᠡᠭᠲᠡᠢ ᠭᠡᠰᠢᠭᠦᠳ᠄ 1. ᠶᠣ᠊∙ᠪᠠᠶᠠᠷᠰᠠᠶᠢᠬᠠᠨ᠂ 2. ᠳ∙ᠯᠠᠮᠠᠵᠠᠪ᠂ 3. ᠭ∙ᠽᠠᠨᠳᠠᠨᠰᠢᠲᠠᠷ᠎ᠠ᠂4. ᠪ∙ᠭᠠᠩᠪᠣᠯᠣᠳ ᠂ 5. ᠳ∙ᠯᠦᠩᠳᠦᠭᠵᠡᠯᠰᠡᠨ
ᠱᠠᠩᠨᠠᠯᠲᠤ  ᠪᠠᠢᠷᠢ ᠡᠵᠡᠯᠡᠭᠰᠡᠨ ᠤᠯᠤᠰ ᠤᠨ ᠶᠡᠬᠡ ᠬᠤᠷᠠᠯ ᠤᠨ ᠡᠮᠡᠭᠲᠡᠢ ᠭᠡᠰᠢᠭᠦᠳ᠄ 1. ᠳ∙ᠮᠥᠩᠬᠡ᠂ 2. ᠪ∙ᠰᠠᠷᠠᠨᠴᠢᠮᠡᠭ᠂ 3. ᠨ∙ᠭᠡᠷᠡᠯᠰᠦ᠋ᠷᠦᠩ ᠃ ᠮᠥᠨ ᠤᠯᠤᠰ ᠤᠨ ᠶᠡᠬᠡ ᠬᠤᠷᠠᠯ ᠦᠨ ᠭᠡᠰᠢᠭᠦᠨ ᠼ∙ᠠᠨᠠᠨᠳᠠᠪᠠᠽᠠᠷ ᠤᠷᠠᠨ ᠨᠡᠭᠦᠳᠡᠯ ᠢᠶᠡᠷ ᠲᠣᠭᠯᠠᠵᠤ᠂ ᠲᠡᠮᠡᠴᠡᠭᠡᠨ ᠢ ᠬᠦᠨᠳᠦᠳᠬᠡᠨ ᠢᠷᠡᠵᠦ᠂ ᠲᠡᠮᠡᠴᠡᠭᠡᠨ ᠳᠦ ᠣᠷᠣᠯᠴᠠᠭᠰᠠᠨ ᠤᠯᠤᠰ ᠤᠨ ᠶᠡᠬᠡ ᠬᠤᠷᠠᠯ ᠤᠨ ᠭᠡᠰᠢᠭᠦᠨ ᠠᠰᠠᠨ ᠪ∙ᠭᠦᠨᠳᠦᠵᠠᠯᠮ᠎ᠠ᠂ ᠨ∙ᠭᠡᠷᠡᠯᠰᠦ᠋ᠷᠦᠩ ᠨᠠᠷ ᠢ ᠤᠷᠮᠠᠰᠢᠭᠤᠯᠪᠠ ᠬᠡᠮᠡᠨ ᠤᠯᠤᠰ ᠤᠨ ᠶᠡᠬᠡ ᠬᠤᠷᠠᠯ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠪᠡ᠃

ᠰᠡᠳᠬᠢᠭᠳᠡᠯ ᠦᠯᠡᠳᠡᠭᠡᠬᠦ