ᠣᠷᠣᠰ ᠬᠢᠨᠠᠯᠲᠠ ᠬᠢᠬᠦ ᠵᠥᠭᠡᠭᠡᠪᠦᠷᠢ ᠶᠢᠨ ᠢᠵᠢ ᠪᠦᠷᠢᠳᠦᠯ ᠢᠯᠡᠭᠡᠯ᠎ᠡ  | News.MN

ᠣᠷᠣᠰ ᠬᠢᠨᠠᠯᠲᠠ ᠬᠢᠬᠦ ᠵᠥᠭᠡᠭᠡᠪᠦᠷᠢ ᠶᠢᠨ ᠢᠵᠢ ᠪᠦᠷᠢᠳᠦᠯ ᠢᠯᠡᠭᠡᠯ᠎ᠡ 

 

ᠣᠷᠣᠰ ᠮᠣᠩᠭᠣᠯ ᠳᠤ ᠡᠷᠡᠭᠦᠯ ᠠᠬᠤᠢ᠂ ᠡᠫᠢᠳᠢᠮᠢᠤᠯᠤᠭᠢ ᠶᠢᠨ ᠣᠨᠴᠠᠭᠠᠢ ᠪᠠᠶᠢᠳᠠᠯ ᠳᠤ ᠬᠢᠨᠠᠯᠲᠠ ᠬᠢᠵᠦ ᠬᠠᠷᠢᠭᠤ ᠠᠷᠭ᠎ᠠ ᠬᠡᠮᠵᠢᠶ᠎ᠡ ᠠᠪᠬᠤ ᠵᠣᠷᠢᠭᠤᠯᠤᠯᠲᠠ ᠲᠠᠢ ᠵᠥᠭᠡᠭᠡᠪᠦᠷᠢ ᠶᠢᠨ ᠢᠵᠢ ᠪᠦᠷᠢᠳᠦᠯ ᠪᠡᠯᠡᠭᠯᠡᠯ᠎ᠡ ᠭᠡᠵᠦ  ᠲᠠᠰᠰ ᠠᠭᠧᠨᠲᠯᠢᠭ ᠥᠴᠥᠭᠡᠳᠦᠷ︵2020.11.14 ︶ᠮᠡᠳᠡᠭᠡᠯᠡᠯ᠎ᠡ᠃
ᠣᠷᠣᠰ  ᠤᠨ ᠭᠠᠳᠠᠭᠠᠳᠤ ᠬᠠᠷᠢᠯᠴᠠᠭᠠᠨ ᠤ ᠶᠠᠮᠤᠨ ᠤ ᠲᠥᠯᠥᠭᠡᠯᠡᠭᠴᠢ ᠮᠠᠷᠢᠶ᠎ᠠ  ᠵᠠᠬᠠᠷᠤᠸᠠ ᠬᠡᠯᠡᠬᠦ ᠳᠦ ᠪᠡᠨ᠂ ᠵᠥᠭᠡᠭᠡᠪᠦᠷᠢ ᠶᠢᠨ ᠯᠠᠪᠤᠷᠠᠲ᠋ᠣᠷᠢ ᠶᠢ ᠮᠣᠩᠭᠣᠯ ᠤᠨ ᠡᠷᠡᠭᠦᠯ ᠮᠡᠨᠳᠦ ᠶᠢᠨ ᠶᠠᠮᠤᠨ ᠳᠤ ᠬᠦᠯᠢᠶᠡᠯᠭᠡᠨ ᠥᠭᠭᠦᠭᠰᠡᠨ ᠭᠡᠰᠡᠨ ᠪᠠᠶᠢᠨ᠎ᠠ᠃ ᠡᠭᠦᠨ ᠢ ᠽᠤᠤᠨᠤᠰ  ᠤᠨ ᠬᠠᠯᠳᠠᠪᠤᠷᠢ ᠰᠤᠳᠤᠯᠤᠯ ᠤᠨ ᠦᠨᠳᠦᠰᠦᠨ ᠦ ᠲᠥᠪ ᠠᠰᠢᠭᠯᠠᠬᠤ ᠶᠤᠮ ᠪᠠᠶᠢᠨ᠎ᠠ᠃ ᠡᠨᠡ ᠨᠢ ᠣᠷᠴᠢᠨ ᠦᠶ᠎ᠡ ᠶᠢᠨ ᠲᠧᠭᠨᠢᠭ ᠢᠶᠡᠷ ᠬᠠᠩᠭᠠᠭᠳᠠᠭᠰᠠᠨ ᠢᠵᠢ ᠪᠦᠷᠢᠳᠦᠯ ᠶᠤᠮ᠃ ᠵᠥᠭᠡᠭᠡᠪᠦᠷᠢ ᠶᠢᠨ ᠢᠵᠢ ᠪᠦᠷᠢᠳᠦᠯ ᠨᠢ ᠮᠣᠩᠭᠣᠯ ᠤᠨ  ᠲᠠᠷᠬᠠᠪᠤᠷᠢ ᠰᠤᠳᠤᠯᠤᠯ ᠤᠨ ᠠᠯᠪᠠᠨ ᠤ ᠦᠢᠯᠡ ᠠᠵᠢᠯᠯᠠᠭᠠᠨ ᠤ ᠵᠠᠷᠢᠮ ᠨᠢᠭᠡ ᠴᠢᠭᠯᠡᠯ ᠦᠨ ᠠᠵᠢᠯ ᠢ ᠰᠠᠶᠢᠵᠢᠷᠠᠭᠤᠯᠬᠤ ᠳᠤ ᠦᠨᠡᠲᠡᠢ ᠬᠤᠪᠢ ᠨᠡᠮᠡᠷᠢ ᠪᠣᠯᠤᠨ᠎ᠠ᠃ ᠡᠭᠦᠨ ᠡᠴᠡ ᠭᠠᠳᠠᠨ᠎ᠠ ᠵᠥᠭᠡᠭᠡᠪᠦᠷᠢ ᠶᠢᠨ ᠯᠠᠪᠣᠷᠠᠲ᠋ᠣᠷᠢ ᠨᠢ ᠠᠯᠤᠰᠯᠠᠭᠳᠠᠭᠰᠠᠨ ᠪᠦᠰᠡ ᠨᠤᠲᠤᠭ ᠲᠤ ᠡᠭᠦᠰᠦᠭᠰᠡᠨ ᠬᠠᠯᠳᠠᠪᠤᠷᠢ ᠶᠢᠨ ᠭᠤᠯᠤᠮᠲᠠ ᠳᠤ ᠬᠦᠷᠴᠦ ᠠᠵᠢᠯᠯᠠᠬᠤ ᠳᠤ ᠲᠤᠶᠢᠯ ᠤᠨ ᠲᠣᠬᠢᠷᠠᠮᠵᠢᠲᠠᠢ ᠶᠤᠮ᠃

ᠰᠡᠳᠬᠢᠭᠳᠡᠯ ᠦᠯᠡᠳᠡᠭᠡᠬᠦ