2021 ᠣᠨ ᠤ ᠲᠥᠰᠥᠪ ᠢ ᠪᠠᠲᠤᠯᠠᠯ᠎ᠠ  | News.MN

2021 ᠣᠨ ᠤ ᠲᠥᠰᠥᠪ ᠢ ᠪᠠᠲᠤᠯᠠᠯ᠎ᠠ 

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠴᠠᠬᠢᠮ ᠬᠤᠷᠠᠯᠳᠤᠭᠠᠨ ᠢᠶᠠᠷ ︽2021 ᠣᠨ ᠤ ᠲᠥᠰᠥᠪ ᠦᠨ ᠲᠤᠬᠠᠢ︾ ᠬᠠᠤᠯᠢ ᠶᠢ ᠬᠡᠯᠡᠯᠴᠡᠨ ᠪᠠᠲᠤᠯᠠᠯ᠎ᠠ᠃ ᠢᠷᠡᠬᠦ ᠣᠨ ᠤ ᠲᠥᠰᠥᠪ ᠦᠨ ᠲᠡᠩᠴᠡᠪᠦᠷᠢᠵᠢᠭᠦᠯᠦᠭᠰᠡᠨ ᠣᠷᠣᠯᠭ᠎ᠠ 11.8 ᠶᠡᠬᠡ ᠨᠠᠶᠤᠳ ᠲᠥᠭᠥᠷᠢᠭ᠂ ᠵᠠᠷᠤᠯᠭ᠎ᠠ 13.9 ᠶᠡᠬᠡ ᠨᠠᠶᠤᠳ ᠲᠥᠭᠥᠷᠢᠭ ᠪᠠᠶᠢᠨ᠎ᠠ᠃ ᠬᠠᠷᠢᠨ ᠲᠡᠩᠴᠡᠪᠦᠷᠢᠵᠢᠭᠦᠯᠦᠭᠰᠡᠨ ᠲᠡᠩᠴᠡᠯ 2.2 ᠶᠡᠬᠡ ᠨᠠᠶᠤᠳ ᠪᠤᠶᠤ  ᠳᠤᠲᠤᠭᠠᠳᠤ ᠶᠢᠨ ᠨᠡᠢᠲᠡ ᠪᠦᠲᠦᠭᠡᠭᠳᠡᠬᠦᠨ᠍ ᠦ 5.1 ᠬᠤᠪᠢ ᠪᠠᠶᠢᠬᠤ ᠶᠤᠮ᠃
ᠲᠥᠰᠥᠪ ᠦᠨ ᠬᠠᠤᠯᠢ ᠪᠠᠷ ᠢᠷᠡᠭᠡᠳᠦᠢ ᠶᠢᠨ ᠥᠪ ᠰᠠᠩ ᠳᠤ ᠨᠢᠭᠡ ᠶᠡᠬᠡ ᠨᠠᠶᠤᠳ 180 ᠲᠡᠷᠪᠤᠮ ᠲᠥᠭᠥᠷᠢᠭ᠂ ᠲᠥᠰᠥᠪ ᠦᠨ ᠲᠣᠭᠲᠠᠪᠤᠷᠢᠵᠢᠭᠤᠯᠤᠯᠲᠠ ᠶᠢᠨ ᠰᠠᠩ ᠳᠤ 156 ᠲᠡᠷᠪᠤᠮ ᠲᠥᠭᠥᠷᠢᠭ  ᠬᠤᠷᠠᠮᠳᠤᠭᠤᠯᠬᠤ ᠪᠠᠷ ᠲᠤᠰᠬᠠᠪᠠ᠃ ᠮᠥᠨ 1100 ᠲᠥᠰᠥᠯ᠂ ᠠᠷᠭ᠎ᠠ ᠬᠡᠮᠵᠢᠶ᠎ᠡ ᠶᠢ ᠨᠢᠭᠡ ᠶᠡᠬᠡ ᠨᠠᠶᠤᠳ᠂ 398 ᠲᠡᠷᠪᠤᠮ 921 ᠰᠠᠶ᠎ᠠ ᠲᠥᠭᠥᠷᠢᠭ ᠢᠶᠡᠷ ᠰᠠᠩᠬᠦᠦᠵᠢᠭᠦᠯᠬᠦ ᠪᠡᠷ ᠲᠤᠰᠬᠠᠵᠠᠢ᠃ ᠬᠠᠷᠢᠨ ᠪᠠᠷᠢᠬᠤ᠂ ᠰᠢᠯᠵᠢᠭᠦᠯᠬᠦ ᠺᠣᠨᠼᠧᠰ ᠤᠨ ᠲᠥᠷᠥᠯ ᠢᠶᠡᠷ ᠬᠡᠷᠡᠭᠵᠢᠭᠦᠯᠦᠭᠰᠡᠨ ᠲᠠᠪᠤᠨ ᠲᠥᠰᠥᠯ᠂ ᠠᠷᠭ᠎ᠠ ᠬᠡᠮᠵᠢᠶᠡᠨ ᠦ ᠡᠷᠭᠢᠨ ᠲᠦᠯᠦᠯᠲᠡ ᠳᠦ 266 ᠲᠡᠷᠪᠤᠮ 268 ᠰᠠᠶ᠎ᠠ ᠲᠥᠭᠥᠷᠢᠭ ᠤᠯᠭᠤᠬᠤ ᠶᠤᠮ ᠪᠠᠶᠢᠨ᠎ᠠ᠃ ᠲᠡᠭᠦᠨᠴᠢᠯᠡᠨ ᠴᠠᠷ᠎ᠠ ᠲᠠᠬᠤᠯ ᠤᠨ ᠨᠥᠬᠥᠴᠡᠯ ᠪᠠᠶᠢᠳᠠᠯ ᠠᠴᠠ ᠰᠢᠯᠲᠠᠭᠠᠯᠠᠨ ᠬᠡᠦᠬᠡᠳ ᠪᠦᠷᠢ ᠳᠦ ᠣᠯᠭᠤᠵᠤ ᠪᠤᠢ 100 ᠮᠢᠩᠭᠠᠨ ᠲᠥᠭᠥᠷᠢᠭ ᠢ ᠢᠷᠡᠬᠦ ᠵᠢᠯ ᠦᠨ ᠵᠢᠷᠭᠤᠳᠤᠭᠠᠷ ᠰᠠᠷ᠎ᠠ ᠬᠦᠷᠲᠡᠯ᠎ᠡ ᠣᠯᠭᠤᠬᠤ ᠪᠠᠷ ᠪᠣᠯᠤᠭᠰᠠᠨ᠃ ᠡᠭᠦᠨ ᠦ ᠰᠠᠩᠬᠦᠦᠵᠢᠯᠲᠡ ᠪᠣᠯᠬᠤ 864 ᠲᠡᠷᠪᠤᠮ ᠲᠥᠭᠥᠷᠢᠭ ᠢ ᠲᠥᠰᠥᠪ ᠲᠦ  ᠰᠠᠭᠤᠯᠭᠠᠯ᠎ᠠ᠃ ᠡᠭᠦᠨ ᠡᠴᠡ ᠭᠠᠳᠠᠨ᠎ᠠ 530 ᠲᠡᠷᠪᠤᠮ ᠲᠥᠭᠥᠷᠢᠭ ᠢ 68 ᠨᠡᠷ᠎ᠡ ᠲᠥᠷᠥᠯ ᠦᠨ ᠬᠠᠯᠠᠮᠵᠢ ᠳᠤ ᠣᠯᠭᠤᠬᠤ ᠪᠠᠷ ᠪᠣᠯᠪᠠ᠃

ᠰᠡᠳᠬᠢᠭᠳᠡᠯ ᠦᠯᠡᠳᠡᠭᠡᠬᠦ