ᠠᠵᠢᠯᠭᠦᠶᠢᠳᠡᠯ ᠦᠨ ᠰᠠᠩ ᠤᠨ ᠵᠠᠷᠤᠳᠠᠯ ᠦᠰᠦᠯ᠎ᠡ | News.MN

ᠠᠵᠢᠯᠭᠦᠶᠢᠳᠡᠯ ᠦᠨ ᠰᠠᠩ ᠤᠨ ᠵᠠᠷᠤᠳᠠᠯ ᠦᠰᠦᠯ᠎ᠡ

ᠡᠨᠡ ᠣᠨ ᠤ ᠡᠬᠢᠨ ᠦ 10 ᠰᠠᠷ᠎ᠠ ᠳᠤ ᠠᠵᠢᠯᠭᠦᠶᠢᠳᠡᠯ ᠦᠨ ᠰᠠᠩ ᠠᠴᠠ 17900 ᠢᠷᠭᠡᠨ ᠳᠦ 41.5 ᠲᠡᠷᠪᠤᠮ ᠲᠥᠭᠥᠷᠢᠭ ᠣᠯᠭᠤᠭᠰᠠᠨ ᠨᠢ ᠡᠮᠦᠨᠡᠬᠢ ᠣᠨ ᠤ ᠮᠥᠨ ᠦᠶ᠎ᠡ ᠶᠢᠨ ᠬᠢ ᠲᠡᠢ ᠬᠠᠷᠢᠴᠠᠭᠤᠯᠬᠤ ᠳᠤ ᠲᠡᠳᠬᠦᠮᠵᠢ ᠠᠪᠤᠭᠴᠢᠳ 7.2 ᠬᠤᠪᠢ ᠪᠠᠷ ᠪᠠᠭᠠᠰᠤᠨ᠂ ᠲᠡᠳᠬᠦᠮᠵᠢ ᠶᠢᠨ ᠬᠡᠮᠵᠢᠶ᠎ᠡ 20.1 ᠬᠤᠪᠢ ᠪᠠᠷ ᠥᠰᠦᠭᠰᠡᠨ ᠦᠵᠡᠭᠦᠯᠦᠯᠲᠡ ᠲᠡᠢ ᠪᠠᠶᠢᠨ᠎ᠠ᠃
ᠬᠠᠯᠠᠮᠵᠢ ᠶᠢᠨ ᠲᠡᠳᠬᠦᠪᠦᠷᠢ ᠳᠦ 1-10 ᠳ᠋ᠤᠭᠠᠷ ᠰᠠᠷ᠎ᠠ ᠳᠤ 58000 ᠬᠦᠮᠦᠨ ᠬᠠᠮᠤᠷᠤᠭᠤᠯᠤᠭᠰᠠᠨ ᠨᠢ ᠵᠢᠯ ᠦᠨ ᠬᠤᠭᠤᠴᠠᠭᠠᠨ ᠳᠤ ᠢᠷᠭᠡᠳ ᠦᠨ ᠲᠣᠭ᠎ᠠ 245 ᠍ ᠪᠠᠷ᠂ ᠲᠡᠳᠬᠦᠮᠵᠢ ᠶᠢᠨ ᠬᠡᠮᠵᠢᠶ᠎ᠡ 40.7 ᠲᠡᠷᠪᠤᠮ ᠲᠥᠭᠥᠷᠢᠭ ᠢᠶᠡᠷ ᠥᠰᠦᠭᠰᠡᠨ ᠳ᠋ᠦᠩ ᠶᠤᠮ᠃ ᠤᠯᠠᠮ ᠢᠶᠠᠷ ᠳᠡᠭᠡᠷᠡᠬᠢ ᠬᠤᠭᠤᠴᠠᠭᠠᠨ ᠳᠤ ᠳᠠᠪᠬᠤᠷᠳᠠᠭᠰᠠᠨ ᠲᠣᠭ᠎ᠠ ᠪᠠᠷ 2.4 ᠰᠠᠶ᠎ᠠ ᠢᠷᠭᠡᠨ ᠳᠦ ᠲᠡᠳᠬᠦᠪᠦᠷᠢ᠂ ᠲᠡᠳᠬᠦᠮᠵᠢ᠂  ᠲᠤᠰᠠᠯᠠᠮᠵᠢ᠂ ᠦᠢᠯᠡᠴᠢᠯᠡᠭᠡ᠂ ᠬᠥᠩᠭᠡᠯᠡᠯᠲᠡ ᠬᠡᠯᠪᠡᠷᠢ ᠪᠡᠷ 1.3 ᠶᠡᠬᠡ ᠨᠠᠶᠤᠳ ᠲᠥᠭᠥᠷᠢᠭ ᠣᠯᠭᠤᠭᠰᠠᠨ ᠨᠢ 2019 ᠣᠨ ᠤ ᠮᠥᠨ ᠦᠶ᠎ᠡ ᠶᠢᠨ ᠬᠢ ᠡᠴᠡ ᠬᠠᠯᠠᠮᠵᠢ ᠶᠢᠨ ᠦᠢᠯᠡᠴᠢᠯᠡᠭᠡᠨ ᠳᠦ ᠬᠠᠮᠤᠷᠤᠭᠳᠠᠭᠴᠢ ᠶᠢᠨ ᠲᠣᠭ᠎ᠠ 258900᠂ ᠬᠥᠷᠥᠩᠭᠡ ᠶᠢᠨ ᠬᠡᠮᠵᠢᠶ᠎ᠡ 724 ᠲᠡᠷᠪᠤᠮ ᠣᠷᠴᠢᠮ ᠲᠥᠭᠥᠷᠢᠭ ᠢᠶᠡᠷ ᠨᠡᠮᠡᠭᠳᠡᠵᠡᠢ᠃

ᠰᠡᠳᠬᠢᠭᠳᠡᠯ ᠦᠯᠡᠳᠡᠭᠡᠬᠦ