ᠪ∙ᠪᠤᠳᠤᠵᠢᠷᠭᠠᠯ ᠠᠮᠧᠷᠢᠺᠠ  ᠳᠦ ᠬᠡᠲᠦ ᠬᠣᠯᠠ ᠭᠦᠶᠦᠨ᠎ᠡ | News.MN

ᠪ∙ᠪᠤᠳᠤᠵᠢᠷᠭᠠᠯ ᠠᠮᠧᠷᠢᠺᠠ  ᠳᠦ ᠬᠡᠲᠦ ᠬᠣᠯᠠ ᠭᠦᠶᠦᠨ᠎ᠡ

ᠬᠣᠶᠠᠷ ᠬᠦᠯ ᠲᠠᠢ ᠬᠦᠮᠦᠨ ᠪᠢᠲᠡᠭᠡᠢ ᠬᠡᠯᠡ᠂ ᠳᠥᠷᠪᠡᠨ ᠬᠦᠯ ᠲᠠᠢ ᠠᠳᠤᠭᠤ ᠲᠤᠭᠤᠯᠵᠤ ᠪᠠᠷᠠᠮ᠎ᠠ ᠦᠭᠡᠢ ᠰᠠᠨᠠᠭᠳᠠᠬᠤ 780–1300 ᠣᠷᠴᠢᠮ ᠺᠢᠯᠦᠭᠷᠡᠮ ᠵᠠᠮ ᠢ ᠵᠢᠷᠭᠤᠭ᠎ᠠ ᠠᠴᠠ ᠠᠷᠪᠠ ᠬᠣᠨᠣᠭ ᠲᠤ ᠲᠤᠭᠤᠯᠳᠠᠭ ᠬᠡᠲᠦ ᠬᠣᠯᠠ ᠶᠢᠨ ᠭᠦᠶᠦᠯᠲᠡ ᠶᠢᠨ ᠰᠫᠣᠷᠲ ᠬᠡᠨ ᠬᠦᠮᠦᠨ ᠦ ᠵᠣᠷᠢᠭᠯᠠᠬᠤ ᠵᠦᠢᠯ ᠪᠢᠰᠢ᠃ ᠲᠡᠭᠡᠪᠡᠯ ᠡᠨᠡ ᠰᠫᠣᠷᠲ ᠤᠨ ᠲᠠᠮᠢᠷᠴᠢᠳ ᠢ ᠬᠡᠲᠦ ᠬᠣᠯᠠ ᠶᠢᠨ ᠵᠠᠢ ᠶᠢᠨ ᠭᠦᠶᠦᠯᠲᠡ ᠶᠢᠨ ᠲᠡᠮᠡᠴᠡᠭᠡᠨ ᠦ ᠳᠡᠯᠡᠬᠡᠢ ᠶᠢᠨ ᠳᠥᠷᠪᠡᠨ ᠤᠳᠠᠭ᠎ᠠ ᠶᠢᠨ ᠠᠪᠤᠷᠭᠤ ᠪᠢᠮᠪᠠ ᠶᠢᠨ ᠪᠤᠳᠤᠵᠢᠷᠭᠠᠯ ᠷᠠᠨᠺ ᠢᠶᠠᠷ  ᠢᠶᠠᠨ ᠳᠡᠯᠡᠬᠡᠢ ᠳᠦ ᠲᠡᠷᠢᠭᠦᠯᠡᠵᠦ ᠪᠠᠶᠢᠨ᠎ᠠ᠃
ᠲᠡᠷᠡᠪᠡᠷ ᠥᠩᠭᠡᠷᠡᠭᠰᠡᠨ ᠶᠢᠰᠦᠳᠦᠭᠡᠷ ᠰᠠᠷ᠎ᠠ ᠶᠢᠨ 20 ᠍ ᠳᠦ ᠲᠠᠢᠯᠠᠨᠳ᠋ ᠲᠤ ᠪᠣᠯᠤᠭᠰᠠᠨ 06᠄00-18᠄00 ᠴᠠᠭ ᠬᠦᠷᠲᠡᠯ᠎ᠡ ᠦᠷᠭᠦᠯᠵᠢᠯᠡᠳᠡᠭ 12 ᠴᠠᠭ ᠤᠨ 125 ᠺᠢᠯᠣᠮᠧᠲ᠋ᠷ ᠵᠠᠢ ᠶᠢᠨ ᠭᠦᠶᠦᠯᠲᠡ ᠶᠢᠨ ᠲᠡᠮᠡᠴᠡᠭᠡᠨ ᠳᠦ ᠠᠪᠤᠷᠭᠤᠯᠠᠭᠰᠠᠨ᠃ ᠲᠡᠭᠡᠪᠡᠯ ᠡᠨᠡ ᠰᠠᠷ᠎ᠠ ᠶᠢᠨ 16 ᠍ ᠳᠦ ᠠᠮᠧᠷᠢᠺᠠ ᠶᠢᠨ ᠹᠯᠣᠷᠢᠳᠠ ᠮᠤᠵᠢ ᠳᠤ ᠪᠣᠯᠬᠤ ᠵᠢᠷᠭᠤᠭᠠᠨ ᠬᠤᠨᠤᠭ ᠤᠨ ᠬᠡᠲᠦ ᠬᠣᠯᠠ ᠶᠢᠨ ᠵᠠᠢ ᠶᠢᠨ ᠭᠦᠶᠦᠯᠲᠡ ᠶᠢᠨ ᠲᠡᠮᠡᠴᠡᠭᠡᠨ ᠳᠦ ᠣᠷᠣᠯᠴᠠᠬᠤ ᠪᠠᠷ ᠠᠮᠧᠷᠢᠺᠠ  ᠳᠦ ᠣᠴᠢᠭᠰᠠᠨ ᠪᠥᠭᠡᠳ ᠪᠡᠯᠡᠳᠬᠡᠯ ᠢᠶᠡᠨ ᠬᠠᠩᠭᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ