ᠪᠥᠬᠡ ᠶᠢᠨ ᠪᠠᠷᠢᠯᠳᠤᠭᠠᠨ ᠨᠤᠭᠤᠳ ᠴᠤᠴᠠᠯᠠᠭᠳᠠᠯ᠎ᠠ  | News.MN

ᠪᠥᠬᠡ ᠶᠢᠨ ᠪᠠᠷᠢᠯᠳᠤᠭᠠᠨ ᠨᠤᠭᠤᠳ ᠴᠤᠴᠠᠯᠠᠭᠳᠠᠯ᠎ᠠ 

ᠮᠣᠩᠭᠣᠯ ᠤᠯᠤᠰ ᠤᠨ ᠵᠠᠰᠠᠭ ᠤᠨ ᠭᠠᠵᠠᠷ ᠡᠭᠡᠯᠵᠢᠲᠦ ᠪᠤᠰᠤ ᠪᠠᠷ ᠬᠤᠷᠠᠯᠳᠤᠵᠤ᠂ ᠡᠨᠡ ᠰᠠᠷ᠎ᠠ ᠶᠢᠨ 12-17 ᠍ ᠳᠦ ᠭᠠᠮᠰᠢᠭ ᠠᠴᠠ ᠬᠠᠮᠠᠭᠠᠯᠠᠬᠤ ᠥᠨᠳᠦᠷᠵᠢᠭᠦᠯᠦᠭᠰᠡᠨ ᠪᠡᠯᠡᠨ ᠪᠠᠶᠢᠳᠠᠯ ᠳᠤ ᠪᠦᠬᠦ ᠨᠡᠶᠢᠲᠡ ᠪᠡᠷ ᠰᠢᠯᠵᠢᠬᠦ ᠪᠤᠶᠤ ᠬᠠᠲᠠᠭᠤ ᠬᠥᠯ ᠬᠣᠷᠢᠭᠠᠨ ᠤ ᠳᠢᠭᠯᠢᠮ ᠲᠣᠭᠲᠠᠭᠠᠬᠤ ᠰᠢᠢᠳᠪᠦᠷᠢ ᠭᠠᠷᠭᠠᠭᠰᠠᠨ ᠤᠴᠢᠷ ᠠᠴᠠ ᠦᠨᠳᠦᠰᠦᠨ ᠦ ᠪᠥᠬᠡ ᠶᠢᠨ ᠪᠠᠷᠢᠯᠳᠤᠭᠠᠨ ᠨᠤᠭᠤᠳ ᠤᠨ ᠲᠤᠪ ᠢ ᠴᠤᠴᠠᠯᠠᠪᠠ᠃ ᠲᠣᠳᠣᠷᠠᠭᠤᠯᠪᠠᠯ᠂ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ 《ᠮᠣᠩᠭᠣᠯ ᠪᠠᠬᠠᠷᠬᠠᠯ》 ᠍ ᠤᠨ ᠡᠳᠦᠷ ᠲᠦ ᠵᠣᠷᠢᠭᠤᠯᠤᠭᠰᠠᠨ᠂ ᠤᠯᠤᠰ ᠠᠶᠢᠮᠠᠭ ᠤᠨ ᠠᠯᠳᠠᠷ ᠴᠣᠯᠠ ᠲᠠᠢ ᠰᠢᠯᠢᠳᠡᠭ 128 ᠪᠥᠬᠡ ᠶᠢᠨ ᠤᠯᠠᠮᠵᠢᠯᠠᠯᠲᠤ ᠪᠠᠷᠢᠯᠳᠤᠭᠠᠨ ᠢᠷᠡᠬᠦ ᠳᠠᠸᠠ ᠭᠠᠷᠠᠭ ᠲᠤ 《ᠪᠤᠶᠠᠨᠲᠤ-ᠬᠤᠸᠠ》 ᠰᠫᠣᠷᠲ ᠤᠨ ᠣᠷᠳᠣᠨ ᠳᠤ ᠪᠣᠯᠬᠤ ᠪᠠᠶᠢᠭᠰᠠᠨ ᠢ ᠴᠤᠴᠠᠯᠠᠯ᠎ᠠ᠃
ᠮᠥᠨ ᠮᠠᠷᠭᠠᠰᠢ ᠨᠢ ᠲᠣᠪᠯᠠᠭᠳᠠᠭᠠᠳ ᠪᠠᠶᠢᠭᠰᠠᠨ ᠪᠠᠶᠢᠩᠭᠤ ᠶᠢᠨ ᠠᠵᠢᠯᠯᠠᠭ᠎ᠠ ᠲᠠᠢ ᠫᠠᠷᠯᠠᠮᠧᠨᠲ ᠤᠨ 30 ᠵᠢᠯ ᠦᠨ ᠣᠢ ᠳᠤ ᠵᠣᠷᠢᠭᠤᠯᠤᠭᠰᠠᠨ ᠪᠠᠷᠢᠯᠳᠤᠭᠠᠨ ᠢ ᠲᠥᠷᠥ ᠶᠢᠨ ᠶᠣᠰᠣᠯᠠᠯ ᠤᠨ ᠠᠯᠪᠠᠨ ᠠᠴᠠ ᠮᠣᠩᠭᠣᠯ ᠪᠠᠬᠠᠷᠬᠠᠯ ᠤᠨ ᠡᠳᠦᠷ ᠦᠨ ᠪᠠᠷᠢᠯᠳᠤᠭᠠᠨ ᠲᠠᠢ ᠬᠠᠮᠲᠤᠳᠬᠠᠬᠤ ᠪᠠᠷ ᠰᠢᠢᠳᠪᠦᠷᠢᠯᠡᠭᠡᠳ ᠪᠠᠶᠢᠭᠰᠠᠨ ᠶᠤᠮ᠃
ᠲᠡᠭᠦᠨᠴᠢᠯᠡᠨ ᠪᠥᠬᠡ ᠶᠢᠨ ᠥᠷᠭᠦᠭᠡᠨ ᠳᠦ ᠪᠣᠯᠬᠤ ᠪᠠᠶᠢᠭᠰᠠᠨ ᠮᠣᠩᠭᠣᠯ ᠤᠨ ᠦᠨᠳᠦᠰᠦᠨ ᠦ ᠪᠥᠬᠡ ᠶᠢᠨ  ᠬᠤᠯᠪᠤᠭᠠᠨ ᠤ ᠲᠡᠷᠢᠭᠦᠯᠡᠭᠴᠢᠳ᠂ ᠪᠦᠬᠡᠴᠢᠳ᠂ ᠪᠠᠭᠰᠢ ᠨᠠᠷ ᠤᠨ ᠨᠡᠭᠡᠭᠡᠯᠲᠡ ᠲᠡᠢ ᠠᠭᠤᠯᠵᠠᠯᠲᠠ ᠲᠣᠳᠣᠷᠬᠠᠢ ᠦᠭᠡᠢ ᠬᠤᠭᠤᠴᠠᠭ᠎ᠠ ᠪᠠᠷ ᠬᠣᠶᠢᠰᠢᠯᠠᠭᠰᠠᠨ ᠶᠤᠮ᠃

ᠰᠡᠳᠬᠢᠭᠳᠡᠯ ᠦᠯᠡᠳᠡᠭᠡᠬᠦ