ᠭ∙ᠽᠠᠨᠳᠠᠨᠰᠢᠲᠠᠷ᠎ᠠ ᠶᠢᠨ ᠭᠡᠷᠭᠡᠢ 20 ᠰᠠᠶ᠎ᠠ ᠲᠥᠭᠥᠷᠢᠭ ᠬᠠᠨᠳᠢᠪᠯᠠᠯ᠎ᠠ  | News.MN

ᠭ∙ᠽᠠᠨᠳᠠᠨᠰᠢᠲᠠᠷ᠎ᠠ ᠶᠢᠨ ᠭᠡᠷᠭᠡᠢ 20 ᠰᠠᠶ᠎ᠠ ᠲᠥᠭᠥᠷᠢᠭ ᠬᠠᠨᠳᠢᠪᠯᠠᠯ᠎ᠠ 

ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠥᠨᠥᠳᠥᠷ ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ᠦ ᠲᠥᠪ  ᠲᠤ ᠵᠤᠴᠢᠯᠠᠵᠤ᠂ ᠥᠩᠭᠡᠷᠡᠭᠰᠡᠨ ᠳᠥᠷᠪᠡᠳᠦᠭᠡᠷ ᠰᠠᠷ᠎ᠠ ᠶᠢᠨ 29 ᠍ ᠤ ᠡᠳᠦᠷ ᠤᠯᠤᠰ ᠤᠨ ᠶᠡᠬᠡ ᠬᠤᠷᠠᠯ ᠠᠴᠠ ᠪᠠᠲᠤᠯᠠᠭᠰᠠᠨ ︽ᠴᠠᠷ᠎ᠠ ᠲᠠᠬᠤᠯ ᠠᠴᠠ ᠤᠷᠢᠳᠴᠢᠯᠠᠨ ᠰᠡᠷᠭᠡᠶᠢᠯᠡᠬᠦ᠂ ᠲᠡᠮᠡᠴᠡᠬᠦ ᠨᠡᠶᠢᠭᠡᠮ᠂ ᠡᠳ᠋ ᠍ ᠦᠨ ᠵᠠᠰᠠᠭ ᠲᠤ ᠦᠵᠡᠭᠦᠯᠬᠦ ᠰᠥᠷᠭᠦ ᠨᠥᠯᠥᠭᠡᠯᠡᠯ ᠢ ᠪᠠᠭᠤᠷᠠᠭᠤᠯᠬᠤ ᠬᠠᠤᠯᠢ ︾ ᠶᠢᠨ ᠬᠡᠷᠡᠭᠵᠢᠯᠲᠡ ᠲᠡᠢ ᠲᠠᠨᠢᠯᠴᠠᠬᠤ ᠠᠴᠠ ᠭᠠᠳᠠᠨ᠎ᠠ ᠭᠡᠷᠭᠡᠢ ᠭ∙ᠣᠳᠬᠣᠨᠭᠡᠷᠡᠯ ᠨᠢ ᠰᠠᠨᠠᠭᠠᠴᠢᠯᠠᠨ ᠭᠡᠷ ᠪᠦᠯᠢ᠂ ᠨᠠᠶᠢᠵᠠ ᠨᠥᠬᠥᠳ  ᠡᠴᠡ ᠪᠠᠨ ᠴᠤᠭᠯᠠᠭᠤᠯᠤᠭᠰᠠᠨ 20 ᠰᠠᠶ᠎ᠠ ᠲᠥᠭᠥᠷᠢᠭ ᠢ ᠬᠠᠨᠳᠢᠪᠯᠠᠯ᠎ᠠ᠃
ᠬᠠᠯᠳᠠᠪᠤᠷᠢᠲᠤ ᠡᠪᠡᠳᠴᠢᠨ ᠰᠤᠳᠤᠯᠤᠯ ᠤᠨ ᠦᠨᠳᠦᠰᠦᠨ ᠦ ᠲᠥᠪ ᠦᠨ ᠵᠠᠬᠢᠷᠤᠯ ᠳ᠂ᠨᠢᠮᠠᠬᠦᠦ ᠬᠠᠨᠳᠢᠪ ᠢ ᠬᠦᠯᠢᠶᠡᠨ ᠠᠪᠤᠭᠠᠳ ᠬᠠᠯᠳᠠᠪᠤᠷᠢ ᠶᠢ ᠲᠠᠷᠬᠠᠭᠠᠬᠤ ᠦᠭᠡᠢ ᠴᠠᠭ ᠨᠠᠷᠠ ᠦᠭᠡᠢ ᠠᠵᠢᠯᠯᠠᠵᠤ ᠪᠤᠢ ᠡᠮᠴᠢ᠂ ᠡᠮᠨᠡᠯᠭᠡ ᠶᠢᠨ ᠠᠵᠢᠯᠲᠠᠳ ᠢ ᠤᠷᠮᠠᠰᠢᠭᠤᠯᠬᠤ ᠳᠤ ᠵᠠᠷᠤᠴᠠᠭᠤᠯᠬᠤ ᠪᠣᠯᠤᠨ᠎ᠠ ᠭᠡᠪᠡ᠃ ᠤᠯᠤᠰ ᠤᠨ ᠶᠡᠬᠡ ᠬᠤᠷᠠᠯ ᠤᠨ ᠳᠠᠷᠤᠭ᠎ᠠ ᠲᠤᠰ ᠡᠮᠨᠡᠯᠭᠡ ᠶᠢᠨ ᠰᠢᠭᠤᠷᠬᠠᠢ ᠤᠳᠤᠷᠢᠳᠤᠯᠭ᠎ᠠ ᠶᠢᠨ ᠲᠥᠪ ᠦᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠲᠡᠨᠳᠡ ᠠᠵᠢᠯᠯᠠᠵᠤ ᠪᠤᠢ ᠡᠮᠴᠢ ᠪᠣᠯᠤᠨ ᠮᠡᠷᠭᠡᠵᠢᠯ ᠦᠨ ᠬᠢᠨᠠᠯᠲᠠ᠂ ᠬᠦᠴᠦᠨ ᠦ ᠪᠠᠶᠢᠭᠤᠯᠤᠯᠭ᠎ᠠ ᠶᠢᠨ ᠬᠢᠨ ᠳᠤ ᠬᠠᠨᠳᠤᠵᠤ ᠲᠠᠯᠠᠷᠬᠠᠯ ᠢᠯᠡᠷᠬᠡᠶᠢᠯᠡᠭᠡᠳ ᠡᠳᠦᠷ  ᠰᠦᠨᠢ ᠦᠭᠡᠢ ᠠᠵᠢᠯᠯᠠᠵᠤ ᠪᠤᠢ ᠲᠠ ᠪᠦᠬᠦᠨ ᠢᠶᠡᠨ ᠤᠷᠮᠠᠰᠢᠭᠤᠯᠬᠤ᠂ ᠨᠡᠢᠭᠡᠮ ᠦᠨ ᠬᠠᠯᠠᠮᠵᠢ ᠶᠢ ᠠᠩᠬᠠᠷᠬᠤ ᠶᠢᠨ ᠲᠤᠯᠠᠳᠠ ᠦᠷᠭᠦᠯᠵᠢᠯᠡᠭᠦᠯᠦᠨ ᠠᠵᠢᠯᠯᠠᠬᠤ ᠪᠣᠯᠤᠨ᠎ᠠ ᠭᠡᠪᠡ᠃

ᠰᠡᠳᠬᠢᠭᠳᠡᠯ ᠦᠯᠡᠳᠡᠭᠡᠬᠦ