ᠪᠡᠯᠡᠨ ᠲᠥᠯᠥᠪᠦᠷᠢ ᠲᠤᠭᠠᠴᠠᠭ᠎ᠠ ᠠᠴᠠ ᠲᠠᠲᠠᠭᠠᠯᠵᠠᠬᠤ ᠶᠢ ᠤᠷᠢᠶᠠᠯᠠᠪᠠ  | News.MN

ᠪᠡᠯᠡᠨ ᠲᠥᠯᠥᠪᠦᠷᠢ ᠲᠤᠭᠠᠴᠠᠭ᠎ᠠ ᠠᠴᠠ ᠲᠠᠲᠠᠭᠠᠯᠵᠠᠬᠤ ᠶᠢ ᠤᠷᠢᠶᠠᠯᠠᠪᠠ 

ᠺᠤᠸᠢᠳ᠋19 ᠴᠠᠷ᠎ᠠ ᠲᠠᠬᠤᠯ ᠤᠨ ᠡᠷᠡᠰᠳᠡᠯ ᠢ ᠪᠠᠭᠤᠷᠠᠭᠤᠯᠬᠤ ᠳᠤ ᠢᠷᠭᠡᠨ ᠪᠦᠷ ᠪᠡᠯᠡᠨ ᠲᠥᠯᠥᠪᠦᠷᠢ ᠲᠤᠭᠠᠴᠠᠭ᠎ᠠ ᠠᠴᠠ ᠲᠠᠲᠠᠭᠠᠯᠵᠠᠵᠤ᠂ ᠴᠠᠬᠢᠮ ᠪᠠᠩᠬᠢ ᠪᠠᠷ ᠦᠢᠯᠡᠴᠢᠯᠡᠭᠦᠯᠬᠦ ᠶᠢ ᠮᠣᠩᠭᠣᠯ ᠪᠠᠩᠬᠢ ᠤᠷᠢᠶᠠᠯᠠᠵᠤ ᠪᠠᠶᠢᠨ᠎ᠠ᠃
ᠴᠠᠬᠢᠮ ᠪᠠᠩᠬᠢ ᠭᠡᠳᠡᠭ ᠪᠣᠯ ᠪᠠᠩᠬᠢᠨ ᠤ ᠬᠠᠷᠢᠯᠴᠠᠬᠤ᠂ ᠬᠠᠳᠠᠭᠠᠯᠠᠮᠵᠢ᠂ ᠲᠥᠯᠥᠪᠦᠷᠢ ᠶᠢᠨ ᠺᠠᠷᠲ ᠤᠨ ᠳᠠᠩᠰᠠ ᠶᠢ ᠢᠨᠲᠸᠷᠨᠧᠲ ᠪᠠᠩᠬᠢᠨ ᠤ ᠦᠢᠯᠡᠴᠢᠯᠡᠭᠡᠨ ᠳᠦ ᠬᠣᠯᠪᠣᠭᠰᠠᠨ᠂ ᠶᠠᠮᠠᠷ ᠴᠤ ᠴᠠᠭ ᠬᠤᠭᠤᠴᠠᠭᠠᠨ ᠳᠤ ᠬᠠᠮᠢᠭ᠎ᠠ ᠠᠴᠠ ᠴᠤ ᠲᠥᠯᠥᠪᠦᠷᠢ ᠲᠣᠭᠠᠴᠠᠭ᠎ᠠ ᠶᠢ ᠢᠯᠡᠭᠡᠬᠦ᠂ ᠬᠦᠯᠢᠶᠡᠨ ᠠᠪᠬᠤ ᠪᠣᠯᠤᠮᠵᠢ ᠲᠠᠢ᠂ ᠨᠢᠭᠤᠴᠠᠯᠠᠯ ᠬᠠᠮᠠᠭᠠᠯᠠᠯᠲᠠ ᠶᠢᠨ ᠥᠨᠳᠥᠷ ᠰᠢᠰᠲ᠋ᠧᠮ ᠪᠦᠬᠦᠢ ᠬᠢᠯᠪᠠᠷ ᠦᠢᠯᠡᠴᠢᠯᠡᠭᠡ ᠶᠤᠮ᠃ ᠡᠶᠢᠮᠦ ᠳᠦ ᠢᠯᠠᠩᠭᠤᠶ᠎ᠠ᠂ ᠪᠡᠯᠡᠨ ᠮᠥᠩᠭᠥ ᠠᠰᠢᠭᠯᠠᠵᠤ ᠰᠤᠷᠤᠭᠰᠠᠨ ᠥᠨᠳᠥᠷ ᠨᠠᠰᠤᠲᠠᠳ ᠲᠤ ᠦᠷ᠎ᠡ ᠬᠡᠦᠬᠡᠳ ᠡᠴᠡ ᠨᠢ ᠴᠠᠬᠢᠮ ᠪᠠᠩᠬᠢ ᠠᠰᠢᠭᠯᠠᠵᠤ ᠰᠤᠷᠠᠬᠤ ᠶᠢ ᠵᠢᠭᠠᠵᠤ᠂ ᠰᠤᠷᠭᠠᠬᠤ ᠱᠠᠭᠠᠷᠳᠠᠯᠭ᠎ᠠ ᠡᠭᠦᠰᠦᠭᠡᠳ ᠪᠠᠶᠢᠨ᠎ᠠ᠃
ᠪᠡᠯᠡᠨ ᠮᠥᠩᠭᠥ ᠨᠢ ᠬᠠᠯᠳᠠᠪᠤᠷᠢ ᠶᠢ ᠲᠠᠷᠬᠠᠭᠠᠬᠤ ᠥᠨᠳᠥᠷ ᠡᠷᠡᠰᠳᠡᠯ ᠲᠡᠢ ᠤᠴᠢᠷ ᠠᠴᠠ ᠴᠠᠬᠢᠮ ᠪᠠᠩᠬᠢ ᠶᠢ ᠥᠷᠭᠡᠨ ᠢᠶᠡᠷ ᠠᠰᠢᠭᠯᠠᠭᠰᠠᠨ ᠢᠶᠠᠷ ᠨᠡᠶᠢᠭᠡᠮ ᠢᠶᠡᠷ ᠢᠶᠡᠨ ᠬᠠᠯᠳᠠᠪᠤᠷᠢ ᠶᠢᠨ ᠲᠠᠷᠬᠠᠯᠲᠠ ᠶᠢ ᠪᠠᠭᠤᠷᠠᠭᠤᠯᠬᠤ ᠪᠣᠯᠤᠮᠵᠢ ᠲᠠᠢ᠃ ᠮᠠᠨ ᠤ ᠤᠯᠤᠰ ᠤᠨ ᠬᠦᠳᠡᠯᠭᠡᠭᠡᠨᠲᠦ ᠪᠠᠩᠬᠢᠨ ᠤ 2020 ᠣᠨ ᠤ ᠬᠤᠶᠠᠳᠤᠭᠠᠷ ᠤᠯᠠᠷᠢᠯ ᠤᠨ  ᠲᠠᠢᠯᠤᠨ ᠤ ᠳ᠋ᠦᠩ ᠢᠶᠡᠷ ᠤᠯᠤᠰ ᠤᠨ ᠬᠡᠮᠵᠢᠶᠡᠨ ᠳᠦ ᠨᠡᠶᠢᠲᠡ 2.4 ᠰᠠᠶ᠎ᠠ ᠢᠨᠲᠸᠷᠨᠧᠲ ᠪᠠᠩᠬᠢᠨ ᠤ ᠡᠷᠬᠡ ᠲᠡᠢ ᠬᠡᠷᠡᠭᠯᠡᠭᠴᠢ ᠪᠠᠶᠢᠭ᠎ᠠ ᠨᠢ ᠡᠮᠦᠨᠡᠬᠢ ᠣᠨ ᠤ ᠬᠤᠶᠠᠳᠤᠭᠠᠷ ᠤᠯᠠᠷᠢᠯ ᠲᠠᠢ ᠬᠠᠷᠢᠴᠠᠭᠤᠯᠬᠤ ᠳᠤ 2.7 ᠮᠢᠩᠭᠠᠨ ᠬᠡᠷᠡᠭᠯᠡᠭᠴᠢ ᠪᠡᠷ ᠪᠤᠶᠤ 1.7 ᠬᠤᠪᠢ ᠪᠠᠷ ᠥᠰᠦᠭᠰᠡᠨ ᠪᠠᠶᠢᠨ᠎ᠠ᠃
ᠢᠨᠲᠸᠷᠨᠧᠲ ᠪᠣᠯᠤᠨ ᠤᠬᠠᠭᠠᠯᠢᠭ ᠭᠠᠷ ᠤᠲᠠᠰᠤ ᠪᠠᠷ 2020 ᠣᠨ ᠤ ᠬᠤᠶᠠᠳᠤᠭᠠᠷ ᠤᠯᠠᠷᠢᠯ ᠤᠨ ᠪᠠᠶᠢᠳᠠᠯ ᠢᠶᠠᠷ ᠨᠡᠶᠢᠲᠡ 61.6 ᠰᠠᠶ᠎ᠠ ᠰᠢᠷᠬᠡᠭ ᠭᠦᠢᠯᠭᠡᠭᠡ ᠬᠢᠭᠳᠡᠭᠰᠡᠨ ᠨᠢ ᠡᠮᠦᠨᠡᠬᠢ ᠣᠨ ᠤ ᠮᠥᠨ ᠦᠶ᠎ᠡ ᠪᠡᠨ ᠡᠴᠡ 8.9 ᠰᠠᠶ᠎ᠠ ᠰᠢᠷᠬᠡᠭ ᠭᠦᠢᠯᠭᠡᠭᠡ ᠪᠡᠷ ᠥᠰᠦᠭᠰᠡᠨ ᠦᠵᠡᠭᠦᠯᠦᠯᠲᠡ ᠲᠡᠢ ᠪᠠᠶᠢᠨ᠎ᠠ᠃ ᠮᠥᠨ ᠡᠳᠡᠭᠡᠷ ᠭᠦᠢᠯᠭᠡᠭᠡᠨ ᠦ 89.1 ᠬᠤᠪᠢ ᠶᠢ ᠤᠬᠠᠭᠠᠯᠢᠭ ᠭᠠᠷ ᠤᠲᠠᠰᠤ ᠪᠠᠷ ᠬᠢᠭᠰᠡᠨ ᠪᠠᠶᠢᠭ᠎ᠠ ᠨᠢ ᠨᠡᠶᠢᠲᠡ ᠬᠡᠷᠡᠭᠯᠡᠭᠴᠢᠳ ᠭᠠᠷ ᠤᠲᠠᠰᠤᠨ ᠤ APP ᠢ ᠲᠦᠯᠬᠢᠭᠦᠦ ᠠᠰᠢᠭᠯᠠᠳᠠᠭ ᠪᠣᠯᠬᠤ ᠶᠢ ᠬᠠᠷᠠᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ