《 ᠬᠢᠩᠭᠤᠤ》 ᠺᠢᠨᠤ᠋ ᠶᠢᠨ ᠨᠡᠭᠡᠭᠡᠯᠲᠡ ᠶᠢ ᠬᠤᠰᠢᠶᠠᠲᠤ ᠰᠤᠮᠤᠨ ᠳᠤ ᠵᠣᠬᠢᠶᠠᠨ ᠪᠠᠶᠢᠭᠤᠯᠵᠠᠢ  | News.MN

《 ᠬᠢᠩᠭᠤᠤ》 ᠺᠢᠨᠤ᠋ ᠶᠢᠨ ᠨᠡᠭᠡᠭᠡᠯᠲᠡ ᠶᠢ ᠬᠤᠰᠢᠶᠠᠲᠤ ᠰᠤᠮᠤᠨ ᠳᠤ ᠵᠣᠬᠢᠶᠠᠨ ᠪᠠᠶᠢᠭᠤᠯᠵᠠᠢ 

ᠮᠣᠩᠭᠣᠯ ᠤᠨ ᠬᠡᠦᠬᠡᠳ ᠦᠨ ᠺᠢᠨᠣ᠋ ᠠᠺᠠᠳᠧᠮᠢ ᠶᠢᠨ ᠪᠦᠲᠦᠭᠡᠯ 《 ᠬᠢᠩᠭᠤᠤ》 ᠺᠢᠨᠤ᠋ ᠶᠢᠨ ᠨᠡᠭᠡᠭᠡᠯᠲᠡ ᠶᠢ ᠰᠡᠯᠡᠩᠭᠡ ᠠᠶᠢᠮᠠᠭ ᠤᠨ ᠬᠤᠰᠢᠶᠠᠲᠤ ᠰᠤᠮᠤᠨ ᠳᠤ ᠥᠩᠭᠡᠷᠡᠭᠰᠡᠨ ᠳᠣᠯᠣᠭ᠎ᠠ ᠬᠣᠨᠣᠭ ᠲᠤ ᠵᠣᠬᠢᠶᠠᠨ ᠪᠠᠶᠢᠭᠤᠯᠵᠠᠢ᠃ ᠺᠢᠨᠤ᠋ ᠶᠢᠨ ᠦᠢᠯᠡ ᠶᠠᠪᠤᠳᠠᠯ ᠨᠢ ᠰᠡᠯᠡᠩᠭᠡ ᠠᠶᠢᠮᠠᠭ ᠤᠨ ᠬᠤᠰᠢᠶᠠᠲᠤ ᠰᠤᠮᠤ ᠶᠢᠨ ᠠᠷᠲᠣᠶᠢᠯᠪᠣ ᠭᠡᠳᠡᠭ ᠭᠠᠵᠠᠷ ᠥᠷᠨᠢᠭᠰᠡᠨ ᠤᠴᠢᠷ ᠡᠶᠢᠨ ᠨᠡᠭᠡᠭᠡᠯᠲᠡ ᠪᠡᠨ ᠲᠤᠬᠠᠢ ᠶᠢᠨ ᠰᠤᠮᠤᠨ ᠳᠤ ᠬᠢᠵᠦ ᠪᠠᠶᠢᠭ᠎ᠠ ᠶᠤᠮ᠃ ᠡᠨᠡᠬᠦ ᠺᠢᠨᠣ᠋  ᠳᠤ ᠮᠡᠷᠭᠡᠵᠢᠯ ᠦᠨ ᠵᠦᠴᠦᠭᠡᠴᠢᠳ ᠡᠴᠡ ᠭᠠᠳᠠᠨ᠎ᠠ ᠬᠤᠰᠢᠶᠠᠲᠤ ᠰᠤᠮᠤ ᠶᠢᠨ ᠮᠠᠯᠴᠢᠨ ᠪ ∙ ᠳᠡᠮᠪᠡᠷᠢᠯ᠂ ᠯ ∙ ᠬᠡᠰᠢᠭᠲᠦ᠂ ᠳᠤᠮᠳᠠ ᠰᠤᠷᠭᠠᠭᠤᠯᠢ ᠶᠢᠨ ᠰᠤᠷᠤᠭᠴᠢ ᠼ ∙ ᠲᠡᠮᠦᠵᠢᠨ᠂ ᠠ᠊ ∙ ᠲᠠᠮᠢᠷ᠂ ᠭ ∙ ᠭᠠᠩᠬᠦᠦ᠂ ᠨ ∙ ᠨᠣᠮᠢᠨ-ᠡᠷᠳᠡᠨᠢ᠂ ᠬ ∙ ᠮᠥᠩᠬᠡᠳᠠᠯᠠᠢ᠂ ᠰ ∙ ᠲᠡᠮᠡᠦᠯᠦᠨ᠂ ᠨ ∙ ᠤᠳᠤᠪᠠᠶᠠᠷ᠂ ᠼ ∙ ᠴᠡᠯᠮᠡᠭ ᠨᠠᠷ ᠭᠣᠣᠯ ᠪᠣᠯᠤᠨ ᠲᠤᠰᠯᠠᠬᠤ ᠳᠦᠷᠢ ᠨᠦᠭᠦᠳ ᠢ ᠪᠦᠲᠦᠭᠡᠵᠡᠢ᠃

ᠨᠡᠭᠡᠭᠡᠯᠲᠡ ᠶᠢᠨ ᠦᠶ᠎ᠡ ᠪᠡᠷ ᠤᠭ ᠺᠢᠨᠣᠨ ᠳᠤ ᠳᠦᠷᠢ ᠪᠦᠲᠦᠭᠡᠭᠰᠡᠨ ᠳᠡᠭᠡᠷᠡᠬᠢ ᠬᠡᠦᠬᠡᠳ ᠦᠳ ᠢ ᠮᠣᠩᠭᠣᠯ ᠤᠨ ᠬᠡᠦᠬᠡᠳ ᠦᠨ ᠣᠷᠳᠣᠨ ᠤ 《ᠠᠪᠢᠶᠠᠰ》 ᠠᠯᠲᠠᠨ ᠮᠧᠳᠠᠯ ᠢᠶᠠᠷ ᠱᠠᠩᠨᠠᠵᠤ ᠤᠷᠮᠠᠰᠢᠭᠤᠯᠤᠭᠰᠠᠨ ᠪᠠᠶᠢᠨ᠎ᠠ᠃ 《ᠬᠢᠩᠭᠤᠤ》ᠺᠢᠨᠣᠨ ᠤ ᠵᠣᠬᠢᠶᠠᠯᠴᠢ᠂ ᠨᠠᠶᠢᠷᠠᠭᠤᠯᠤᠭᠴᠢ ᠪᠠᠷ ᠰ∙ᠪᠤᠶᠠᠨᠳᠡᠯᠭᠡᠷ᠂ ᠨᠠᠶᠢᠷᠠᠭᠤᠯᠤᠭᠴᠢ ᠫᠷᠣᠳᠢᠶᠦ᠋ᠰᠧᠷ ᠡ᠊ ∙ ᠬᠡᠰᠢᠭᠪᠠᠶᠠᠷ᠂ ᠵᠢᠷᠤᠭᠯᠠᠭᠠᠴᠢ ᠡ᠊ ∙ ᠫᠦᠷᠪᠦᠳᠣᠷᠵᠢ᠂ ᠳᠠᠭᠤᠨ ᠤ ᠣᠫᠧᠷᠠᠲ᠋ᠣᠷ ᠮ ∙ ᠬᠠᠯᠢᠭᠤᠨ ᠨᠠᠷ ᠠᠵᠢᠯᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ