ᠰᠢᠯᠦᠨ ᠳᠠᠩᠰᠠᠨ ᠤ ᠬᠠᠤᠯᠢ ᠳᠤ ᠥᠭᠡᠷᠡᠴᠢᠯᠡᠯᠲᠡ ᠤᠷᠤᠭᠤᠯᠤᠨ᠎ᠠ | News.MN

ᠰᠢᠯᠦᠨ ᠳᠠᠩᠰᠠᠨ ᠤ ᠬᠠᠤᠯᠢ ᠳᠤ ᠥᠭᠡᠷᠡᠴᠢᠯᠡᠯᠲᠡ ᠤᠷᠤᠭᠤᠯᠤᠨ᠎ᠠ

 

ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠪᠦᠯᠦᠭ︽ᠰᠢᠯᠦᠨ ᠳᠠᠩᠰᠠᠨ ᠤ ᠲᠤᠬᠠᠢ︾ᠬᠠᠤᠯᠢ ᠳᠤ ᠨᠡᠮᠡᠯᠲᠡ ᠥᠭᠡᠷᠡᠴᠢᠯᠡᠯᠲᠡ ᠣᠷᠣᠭᠤᠯᠬᠤ ᠪᠠᠷ ᠬᠠᠤᠯᠢ ᠶᠢᠨ ᠲᠥᠰᠥᠯ ᠡᠷᠭᠦᠨ ᠪᠠᠷᠢᠬᠤ ᠪᠠᠨ 09 ᠳᠦ ᠮᠡᠳᠡᠭᠳᠡᠯ᠎ᠡ᠃ ᠡᠨᠡ ᠬᠠᠤᠯᠢ ᠶᠢ ᠠᠩᠬ᠎ᠠ ᠠᠷᠠᠳᠴᠢᠯᠠᠭᠰᠠᠨ ᠨᠠᠮ ᠰᠠᠨᠠᠭᠠᠴᠢᠯᠠᠨ ᠡᠷᠭᠦᠨ ᠪᠠᠷᠢᠵᠤ᠂ ᠤᠯᠤᠰ ᠤᠨ ᠶᠡᠬᠡ ᠬᠤᠷᠠᠯ ᠢᠶᠠᠷ 2014 ᠣᠨ ᠤ ᠳᠣᠯᠣᠳᠤᠭᠠᠷ ᠰᠠᠷ᠎ᠠ ᠶᠢᠨ 1 ᠍ ᠦ ᠡᠳᠦᠷ ᠪᠠᠲᠤᠯᠠᠵᠤ᠂ 2015 ᠣᠨ ᠤ ᠨᠢᠭᠡᠳᠦᠭᠡᠷ ᠰᠠᠷ᠎ᠠ ᠶᠢᠨ 1 ᠍ ᠦ ᠡᠳᠦᠷ ᠡᠴᠡ ᠮᠥᠷᠳᠡᠵᠦ ᠡᠬᠢᠯᠡᠭᠰᠡᠨ᠃
ᠠᠩᠬ᠎ᠠ ᠡᠷᠭᠦᠨ ᠪᠠᠷᠢᠭᠰᠠᠨ ᠬᠠᠤᠯᠢ ᠶᠢᠨ ᠲᠥᠰᠥᠯ ᠦᠨ ᠵᠣᠷᠢᠯᠭ᠎ᠠ ᠨᠢ ᠤᠯᠤᠰ᠂ ᠣᠷᠣᠨ ᠨᠤᠲᠤᠭ ᠤᠨ ᠲᠥᠰᠥᠪ᠂ ᠤᠯᠤᠰ ᠤᠨ ᠪᠣᠯᠤᠨ ᠣᠷᠣᠨ ᠨᠤᠲᠤᠭ ᠤᠨ ᠥᠮᠴᠢ ᠶᠢᠨ ᠬᠥᠷᠥᠩᠭᠡ ᠶᠢ ᠦᠷ᠎ᠡ ᠠᠰᠢᠭ ᠲᠠᠢ ᠵᠠᠬᠢᠷᠤᠨ ᠵᠠᠷᠤᠴᠠᠭᠤᠯᠬᠤ᠂ ᠢᠯᠡ ᠲᠣᠳᠣ᠂ ᠨᠡᠭᠡᠭᠡᠯᠲᠡ ᠲᠡᠢ᠂ ᠣᠶᠢᠯᠠᠭᠠᠮᠵᠢᠲᠠᠢ ᠪᠠᠶᠢᠬᠤ᠂ ᠲᠡᠭᠦᠨ ᠳᠦ ᠣᠯᠠᠨ ᠨᠡᠶᠢᠲᠡ ᠬᠢᠨᠠᠯᠲᠠ ᠲᠠᠯᠪᠢᠬᠤ ᠮᠡᠳᠡᠭᠡᠯᠡᠯ ᠦᠨ ᠲᠣᠭᠲᠠᠯᠴᠠᠭ᠎ᠠ ᠶᠢ ᠪᠦᠷᠢᠳᠦᠭᠦᠯᠬᠦ ᠳᠦ ᠣᠷᠣᠰᠢᠵᠤ ᠪᠠᠶᠢᠪᠠ᠃ ᠭᠡᠪᠡᠴᠦ ᠬᠠᠤᠯᠢ ᠬᠡᠷᠡᠭᠵᠢᠬᠦ ᠶᠠᠪᠤᠴᠠ ᠳᠤ ᠳᠠᠷᠠᠭᠠᠬᠢ ᠵᠥᠷᠢᠴᠡᠯ ᠢᠯᠡᠷᠡᠵᠦ ᠪᠠᠶᠢᠨ᠎ᠠ᠃ ᠡᠭᠦᠨ ᠳᠦ᠄
– ᠰᠢᠯᠦᠨ ᠳᠠᠩᠰᠠ ᠬᠥᠲᠥᠯᠬᠦ ᠦᠭᠡᠢ ᠪᠠᠶᠢᠬᠤ
-ᠪᠤᠷᠤᠭᠤ᠂ ᠬᠤᠳᠠᠯ  ᠬᠥᠲᠥᠯᠬᠦ
– ᠰᠢᠯᠦᠨ ᠳᠠᠩᠰᠠᠨ ᠳᠤ ᠮᠡᠳᠡᠭᠡᠯᠡᠭᠰᠡᠨ ᠢᠶᠡᠨ ᠵᠠᠰᠠᠬᠤ
-ᠢᠯᠡᠷᠬᠡᠢ ᠵᠥᠷᠢᠴᠡᠯ ᠭᠠᠷᠭᠠᠭᠰᠠᠨ ᠴᠤ ᠬᠠᠷᠢᠭᠤᠴᠠᠯᠭ᠎ᠠ ᠬᠦᠯᠢᠶᠡᠯᠭᠡᠬᠦ ᠦᠭᠡᠢ ᠪᠠᠶᠢᠨ᠎ᠠ᠃
ᠡᠶᠢᠮᠦ ᠳᠦ ᠠᠷᠠᠳᠴᠢᠯᠠᠭᠰᠠᠨ ᠨᠠᠮ ᠤᠨ ᠪᠦᠯᠦᠭ ᠰᠢᠯᠦᠨ ᠳᠠᠩᠰᠠᠨ ᠤ ᠲᠤᠬᠠᠢ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠲᠥᠰᠥᠯ ᠰᠠᠨᠠᠭᠠᠴᠢᠯᠠᠯ᠎ᠠ᠃ ᠨᠡᠮᠡᠯᠲᠡ ᠥᠭᠡᠷᠡᠴᠢᠯᠡᠯᠲᠡ  ᠳᠦ᠂ ᠣᠳᠣ ᠮᠥᠷᠳᠡᠵᠦ ᠪᠠᠶᠢᠭ᠎ᠠ ᠬᠠᠤᠯᠢ ᠪᠠᠷ ᠲᠥᠰᠥᠪ ᠦᠨ ᠬᠥᠷᠥᠩᠭᠡ ᠡᠴᠡ ᠲᠠᠪᠤᠨ ᠰᠠᠶ᠎ᠠ ᠲᠥᠭᠥᠷᠢᠭ ᠡᠴᠡ ᠳᠡᠭᠡᠭᠰᠢ ᠬᠢᠭᠰᠡᠨ ᠭᠦᠢᠯᠭᠡᠭᠡ ᠶᠢ ᠰᠢᠯᠦᠨ ᠳᠠᠩᠰᠠᠨ ᠤ ᠴᠠᠬᠢᠮ ᠬᠠᠭᠤᠳᠠᠰᠤᠨ ᠳᠤ ᠮᠡᠳᠡᠭᠡᠯᠡᠨ᠎ᠡ ᠭᠡᠰᠡᠨ ᠢ 1 ᠰᠠᠶ᠎ᠠ ᠲᠥᠭᠥᠷᠢᠭ ᠪᠣᠯᠭᠠᠨ ᠪᠠᠭᠤᠷᠠᠭᠤᠯᠬᠤ᠂ ᠵᠥᠷᠢᠴᠡᠯ ᠭᠠᠷᠭᠠᠭᠰᠠᠨ ᠠᠯᠪᠠᠨ ᠲᠤᠰᠢᠶᠠᠯᠲᠠᠨ ᠳᠤ ᠲᠣᠭᠠᠴᠠᠬᠤ ᠬᠠᠷᠢᠭᠤᠴᠠᠯᠭ᠎ᠠ ᠶᠢ ᠲᠣᠳᠣᠷᠬᠠᠢ ᠪᠣᠯᠭᠠᠵᠤ᠂ ᠬᠠᠤᠯᠢ ᠶᠢᠨ ᠬᠡᠷᠡᠭᠵᠢᠯᠲᠡ ᠶᠢ ᠢᠯᠡᠭᠦᠦ ᠦᠷ᠎ᠡ ᠳ᠋ᠦᠩ ᠲᠡᠢ ᠪᠠᠶᠢᠬᠤ ᠪᠠᠷ ᠲᠥᠰᠥᠯ ᠳᠦ ᠲᠤᠰᠬᠠᠬᠤ ᠶᠤᠮ ᠪᠠᠢᠨ᠎ᠠ᠃

ᠰᠡᠳᠬᠢᠭᠳᠡᠯ ᠦᠯᠡᠳᠡᠭᠡᠬᠦ