ᠨᠢᠳ᠋ᠸᠷᠯᠠᠨᠳ᠋ ᠤᠯᠤᠰ ᠤᠨ Endemol Shine ᠭᠷᠦ᠋ᠫ ᠤᠨ ᠠᠯᠪᠠᠨ ᠶᠣᠰᠣᠨ ᠤ ᠡᠷᠬᠡ ᠲᠡᠢ ᠪᠡᠷ ᠨᠣᠮᠠᠳᠢᠶᠠ ᠫᠢᠭᠴᠧᠷᠰ᠂ ᠪᠣᠯᠪᠠᠰᠤᠷᠠᠯ ᠲᠸᠯᠸᠢᠰ ᠲᠡᠢ ᠬᠠᠮᠲᠤᠷᠠᠨ ᠪᠦᠲᠦᠭᠡᠵᠦ ᠪᠤᠢ《ᠦᠨᠳᠦᠰᠦᠨ ᠦ ᠦᠰᠦᠭᠯᠡᠯ ᠦᠨ ᠠᠪᠤᠷᠭᠤ》 ᠴᠡᠩᠭᠡᠭᠡᠨᠲᠦ ᠨᠡᠪᠲᠡᠷᠡᠭᠦᠯᠭᠡ ᠶᠢᠨ ᠰᠢᠨ᠎ᠡ ᠤᠯᠠᠷᠢᠯ ᠤᠨ ᠳ᠋ᠤᠭᠠᠷ ᠤᠳ ᠦᠵᠡᠭᠴᠢᠳ ᠲᠦ ᠬᠦᠷᠬᠦ ᠳᠦ ᠪᠡᠯᠡᠨ ᠪᠣᠯᠵᠠᠢ᠃ ᠴᠡᠩᠭᠡᠭᠡᠨᠲᠦ ᠨᠡᠪᠲᠡᠷᠡᠭᠦᠯᠭᠡ ᠶᠢᠨ ᠡᠮᠦᠨᠡᠬᠢ ᠤᠯᠠᠷᠢᠯ ᠳᠤ ᠴᠣᠪᠣᠭᠣ ᠰᠡᠷᠭᠦᠯᠡᠩ ᠪᠠᠭᠠᠴᠤᠳ ᠡᠬᠡ ᠬᠡᠯᠡᠨ ᠦ ᠪᠡᠨ ᠦᠭᠡᠰ ᠦᠨ ᠰᠠᠩ ᠠᠴᠠ ᠲᠤᠩᠭᠠᠨ ᠱᠦᠭᠦᠷᠳᠡᠭᠰᠡᠨ ᠮᠢᠩᠭ᠎ᠠ ᠮᠢᠩᠭᠠᠨ ᠦᠭᠡ ᠶᠢ ᠦᠰᠦᠭᠯᠡᠵᠦ᠂ ᠰᠤᠷᠤᠯᠴᠠᠵᠤ᠂ ᠡᠭᠦᠪᠡᠷ ᠳᠠᠮᠵᠢᠭᠤᠯᠤᠨ ᠦᠵᠡᠭᠴᠢᠳ ᠵᠥᠪ ᠮᠡᠳᠡᠯᠭᠡ ᠶᠢ ᠠᠪᠴᠤ᠂ ᠡᠨᠡ ᠲᠤᠬᠠᠢ ᠬᠡᠯᠡᠯᠴᠡᠵᠦ᠂ ᠨᠡᠶᠢᠭᠡᠮ ᠳᠦ ᠡᠶᠡᠷᠭᠦ ᠬᠠᠨᠳᠤᠯᠭ᠎ᠠ ᠶᠢ ᠲᠦᠭᠡᠭᠡᠨ ᠳᠡᠯᠭᠡᠷᠡᠭᠦᠯᠦᠭᠰᠡᠨ ᠪᠢᠯᠡ᠃
ᠵᠥᠪ ᠪᠢᠴᠢᠭ ᠦᠨ ᠳᠦᠷᠢᠮ᠂ ᠪᠠᠶᠠᠯᠢᠭ ᠦᠭᠡᠰ ᠦᠨ ᠰᠠᠩ ᠢ ᠨᠡᠶᠢᠲᠡ ᠳᠦ ᠲᠠᠨᠢᠭᠤᠯᠵᠤ ᠪᠤᠢ ᠲᠤᠰ ᠨᠡᠪᠲᠡᠷᠡᠭᠦᠯᠭᠡ ᠶᠢᠨ ᠰᠢᠨ᠎ᠡ ᠤᠯᠠᠷᠢᠯ ᠤᠨ ᠨᠡᠪᠲᠡᠷᠡᠭᠦᠯᠭᠡ ᠳᠦ ᠣᠷᠣᠯᠴᠠᠬᠤ ᠪᠠᠷ 2000 ᠭᠠᠷᠤᠢ ᠬᠡᠦᠬᠡᠳ ᠪᠦᠷᠢᠳᠬᠡᠭᠦᠯᠦᠭᠰᠡᠨ ᠡᠴᠡ 52 ᠣᠷᠣᠯᠴᠠᠭᠴᠢ ᠰᠢᠯᠭᠠᠷᠠᠭᠰᠠᠨ ᠪᠥᠭᠡᠳ ᠮᠣᠩᠭᠣᠯ ᠬᠡᠯᠡᠨ ᠦ ᠦᠭᠡ ᠶᠢᠨ ᠰᠠᠩ ᠤᠨ ᠬᠠᠮᠤᠭ ᠤᠨ ᠡᠷᠡᠭᠡᠯᠵᠡᠭᠡ ᠲᠡᠢ᠂ ᠡᠭᠡᠳᠡᠷᠡᠭᠡ ᠲᠡᠢ ᠦᠭᠡᠰ ᠢ ᠦᠰᠦᠭᠯᠡᠵᠦ᠂ ᠠᠪᠤᠷᠭᠤ ᠶᠢᠨ ᠲᠥᠯᠥᠭᠡ ᠦᠷᠢᠰᠦᠯᠳᠦᠬᠦ ᠶᠤᠮ᠃ ᠨᠡᠶᠢᠲᠡ 9 ᠳ᠋ᠤᠭᠠᠷ ᠤᠨ ᠲᠤᠷᠰᠢ ᠦᠨᠳᠦᠰᠦᠨ ᠦ ᠳᠠᠷᠬᠠᠯᠠᠭ᠎ᠠ ᠪᠣᠯᠬᠤ ᠡᠬᠡ ᠬᠡᠯᠡᠨ ᠦ ᠮᠡᠳᠡᠯᠭᠡ ᠪᠡᠷ ᠢᠶᠡᠨ ᠥᠷᠢᠰᠥᠯᠳᠥᠬᠦ ᠪᠢᠴᠢᠬᠠᠨ ᠦᠰᠦᠭᠯᠡᠭᠴᠢᠳ ᠲᠡᠢ ᠲᠠᠨᠢᠯᠴᠠᠵᠤ᠂ ᠬᠠᠮᠲᠤ ᠳᠤ ᠪᠠᠨ ᠰᠤᠷᠤᠯᠴᠠᠬᠤ ᠪᠣᠯᠤᠮᠵᠢ ᠶᠢ ᠲᠠᠨ ᠳᠤ ᠣᠯᠭᠤᠵᠤ ᠪᠠᠶᠢᠨ᠎ᠠ᠃《ᠦᠨᠳᠦᠰᠦᠨ ᠦ ᠦᠰᠦᠭᠯᠡᠯ ᠦᠨ ᠠᠪᠤᠷᠭᠤ-2021》ᠨᠡᠪᠲᠡᠷᠡᠭᠦᠯᠭᠡ ᠶᠢᠨ ᠣᠨᠴᠠᠯᠠᠬᠤ ᠵᠦᠢᠯ ᠶᠡᠬᠡ ᠲᠡᠢ᠂ ᠰᠣᠳᠣᠨ ᠰᠣᠨᠢᠷᠬᠠᠯᠲᠠᠢ ᠦᠭᠡᠰ ᠢᠶᠡᠷ ᠳᠦᠭᠦᠷᠡᠩ ᠡᠬᠢᠨ ᠦ ᠳ᠋ᠤᠭᠠᠷ ᠢ ᠠᠷᠪᠠᠨ ᠨᠢᠭᠡᠳᠦᠭᠡᠷ ᠰᠠᠷ᠎ᠠ ᠶᠢᠨ 1 ᠍ ᠦ 21᠄00 ᠴᠠᠭ ᠠᠴᠠ ᠪᠣᠯᠪᠠᠰᠤᠷᠠᠯ ᠲᠸᠯᠸᠢᠰ ᠢᠶᠡᠷ ᠬᠦᠯᠢᠶᠡᠨ ᠠᠪᠴᠤ ᠦᠵᠡᠭᠡᠷᠡᠢ᠃