ᠬᠣᠨᠢᠨ ᠤ ᠪᠡᠯᠴᠢᠭᠡᠷ ᠲᠦ 20 ᠵᠢᠯ ᠨᠣᠮ ᠲᠠᠢ ᠨᠥᠬᠥᠷᠯᠡᠵᠡᠢ  | News.MN

ᠬᠣᠨᠢᠨ ᠤ ᠪᠡᠯᠴᠢᠭᠡᠷ ᠲᠦ 20 ᠵᠢᠯ ᠨᠣᠮ ᠲᠠᠢ ᠨᠥᠬᠥᠷᠯᠡᠵᠡᠢ 

ᠤᠪᠰᠤ ᠠᠢᠮᠠᠭ ᠤᠨ ᠤᠯᠠᠭᠠᠨ ᠭᠤᠮ ᠰᠤᠮᠤ ᠶᠢᠨ 8 ᠳ᠋ᠤᠭᠠᠷ ᠪᠠᠭ ᠤᠨ ᠮᠠᠯᠴᠢᠨ ᠳᠠᠸᠠ ᠶᠢᠨ ᠪᠠᠲᠤᠲᠤᠯᠭ᠎ᠠ ᠪᠤᠶᠤ ᠪᠤᠵᠢᠩᠳᠠᠢ 20 ᠵᠢᠯ ᠬᠣᠨᠢᠨ ᠤ ᠪᠡᠯᠴᠢᠭᠡᠷ ᠲᠦ ᠨᠣᠮ ᠲᠠᠢ ᠨᠥᠬᠥᠷᠯᠡᠵᠦ ᠪᠠᠶᠢᠨ᠎ᠠ᠃ ᠲᠡᠷᠡᠪᠡᠷ 2001 ᠣᠨ ᠳᠤ ᠲᠠᠪᠤᠨ ᠪᠤᠳᠤ ᠶᠢᠨ ᠦᠨ᠎ᠡ ᠲᠡᠢ ᠴᠦᠨᠴᠢᠭᠨᠤᠷᠪᠤ ᠬᠦᠭᠡᠷᠭᠡ ᠪᠡᠨ ᠪᠠᠷᠢᠴᠠᠭᠠᠯᠠᠨ ᠠᠶᠢᠮᠠᠭ ᠤᠨ ᠲᠥᠪ ᠨᠣᠮ ᠤᠨ ᠰᠠᠩ ᠠᠴᠠ ᠰᠢᠭᠤᠳᠠᠢ ᠨᠣᠮ ᠠᠪᠴᠤ ᠤᠩᠰᠢᠵᠤ ᠪᠠᠢᠪᠠ᠃ ᠪᠢ ᠭᠣᠣᠯᠴᠢᠯᠠᠨ ᠳᠡᠯᠡᠬᠡᠢ ᠶᠢᠨ ᠪᠣᠯᠤᠭᠠᠳ ᠮᠣᠩᠭᠣᠯ ᠤᠯᠤᠰ ᠤᠨ ᠲᠡᠦᠬᠡ᠂ ᠣᠶᠢᠷᠠᠳ ᠮᠣᠩᠭᠣᠯᠴᠤᠳ ᠲᠠᠢ ᠬᠣᠯᠪᠣᠭ᠎ᠠ ᠲᠠᠢ ᠨᠣᠮ ᠵᠣᠬᠢᠶᠠᠯ ᠤᠳ ᠢ ᠤᠩᠰᠢᠵᠤ ᠠᠷᠪᠢᠨ ᠮᠡᠳᠡᠯᠭᠡ ᠬᠤᠷᠠᠮᠳᠤᠭᠤᠯᠤᠭᠰᠠᠨ᠃ ᠨᠣᠮ ᠤᠩᠰᠢᠬᠤ ᠬᠠᠮᠤᠭ ᠤᠨ ᠲᠤᠬᠢᠷᠠᠮᠵᠢᠲᠠᠢ ᠭᠠᠵᠠᠷ ᠪᠣᠯ ᠬᠣᠨᠢᠨ ᠤ ᠪᠡᠯᠴᠢᠭᠡᠷ ᠪᠠᠶᠢᠳᠠᠭ᠃ ᠲᠡᠷᠲᠡᠭᠡ 2000 ᠣᠨ ᠤ ᠡᠬᠢ ᠪᠡᠷ ᠮᠠᠯᠴᠢᠨ ᠡᠷᠦᠭᠡ ᠤᠳᠤ ᠶᠢᠨ ᠬᠢ ᠰᠢᠭ᠋ ᠨᠠᠷᠠᠨ ᠤ ᠠᠩᠲ᠋ᠧᠨ ᠪᠠᠶᠢᠭᠰᠠᠨ ᠦᠭᠡᠢ᠃ ᠬᠠᠷᠢᠨ ᠲᠣᠰᠤᠨ ᠳ᠋ᠧᠩ ᠯᠠ ᠪᠠᠷᠢᠳᠠᠭ ᠪᠠᠶᠢᠪᠠ᠃ ᠲᠡᠷᠡ ᠦᠶ᠎ᠡ ᠳᠦ ᠮᠠᠯ ᠤᠨ ᠵᠠᠬ᠎ᠠ ᠳᠤ ᠨᠣᠮ ᠤᠩᠰᠢᠵᠤ ᠯᠠ ᠥᠪᠡᠷ ᠢ ᠪᠡᠨ ᠴᠡᠨᠡᠭᠯᠡᠳᠡᠭ ᠪᠠᠶᠢᠯ᠎ᠠ᠃ ᠪᠢ ᠨᠢᠮᠭᠡᠪᠲᠦᠷ ᠨᠣᠮ ᠢ ᠨᠢᠭᠡ ᠬᠣᠨᠣᠭ ᠲᠤ᠂ 300 ᠍ ᠠᠴᠠ ᠳᠡᠭᠡᠭᠰᠢ ᠬᠠᠭᠤᠳᠠᠰᠤ ᠲᠠᠢ ᠨᠣᠮ ᠢ ᠬᠣᠶᠠᠷ ᠬᠣᠨᠣᠭ ᠲᠤ ᠪᠠᠭᠲᠠᠭᠠᠨ ᠤᠩᠰᠢᠴᠢᠬᠠᠳᠠᠭ᠃

ᠮᠠᠯᠴᠢᠨ ᠬᠦᠮᠦᠨ ᠭᠡᠬᠦ ᠪᠡᠷ ᠯᠠ ᠬᠠᠷᠠᠩᠭᠤᠢ ᠪᠦᠳᠦᠭᠦᠯᠢᠭ ᠪᠠᠶᠢᠵᠤ ᠪᠣᠯᠬᠤ ᠦᠭᠡᠢ᠃ ᠮᠣᠩᠭᠣᠯ ᠬᠦᠮᠦᠨ ᠪᠦᠷᠢ ᠲᠡᠦᠬᠡ ᠪᠡᠨ ᠮᠡᠳᠡᠳᠡᠭ ᠪᠠᠶᠢᠬᠤ ᠶᠣᠰᠣᠲᠠᠢ᠃ ᠣᠷᠴᠢᠨ ᠦᠶ᠎ᠡ ᠶᠢᠨ ᠵᠠᠯᠠᠭᠤᠰ ᠨᠣᠮ ᠤᠩᠰᠢᠬᠤ ᠦᠭᠡᠢ ᠮᠦᠷᠲᠡᠯ᠎ᠡ ᠭᠠᠷ ᠤᠲᠠᠰᠤ᠂ ᠤᠨᠯᠠᠢᠨ ᠬᠡᠷᠡᠭᠯᠡᠭᠡᠨ ᠳᠦ ᠲᠦᠯᠬᠢᠭᠦᠦ ᠠᠩᠬᠠᠷᠤᠯ ᠬᠠᠨᠳᠤᠭᠤᠯᠤᠨ ᠴᠠᠭ ᠵᠠᠪ ᠢᠶᠠᠨ ᠪᠠᠷᠠᠵᠤ ᠪᠠᠶᠢᠨ᠎ᠠ᠃ ᠤᠨᠯᠠᠢᠨ ᠬᠡᠯᠪᠡᠷᠢ ᠪᠡᠷ ᠮᠡᠳᠡᠭᠡᠯᠡᠯ ᠠᠪᠴᠤ ᠪᠣᠯᠬᠤ ᠴᠤ ᠨᠢᠳᠦᠨ ᠳᠦ ᠬᠠᠯᠠ ᠲᠠᠢ᠃ ᠬᠠᠷᠢᠨ ᠴᠠᠭᠠᠰᠤᠨ ᠬᠡᠯᠪᠡᠷᠢ ᠶᠢᠨ ᠨᠣᠮ ᠵᠣᠬᠢᠶᠠᠯ ᠨᠢ ᠬᠥᠳᠡᠭᠡ ᠬᠡᠭᠡᠷ᠎ᠡ ᠶᠠᠮᠠᠷ ᠴᠤ ᠨᠥᠬᠥᠴᠡᠯ ᠳᠦ ᠪᠡᠶ᠎ᠡ ᠳᠦ ᠪᠡᠨ ᠠᠪᠴᠤ ᠶᠠᠪᠤᠭᠠᠳ ᠤᠩᠰᠢᠬᠤ ᠪᠣᠯᠤᠮᠵᠢ ᠲᠠᠢ᠂ ᠦᠨ᠎ᠡ ᠴᠡᠨ᠎ᠡ ᠲᠡᠢ ᠮᠡᠳᠡᠯᠭᠡ ᠪᠣᠯᠳᠠᠭ ᠶᠤᠮ ᠬᠡᠮᠡᠨ ᠲᠡᠷᠡᠪᠡᠷ ᠬᠡᠯᠡᠯ᠎ᠡ᠃

ᠰᠡᠳᠬᠢᠭᠳᠡᠯ ᠦᠯᠡᠳᠡᠭᠡᠬᠦ