ᠳᠣᠷᠣᠨᠠᠭᠣᠪᠢ ᠠᠶᠢᠮᠠᠭ ᠤᠨ ᠮᠦᠽᠧᠢ ᠰᠤᠷᠭᠠᠯᠲᠠ᠂ ᠰᠤᠳᠤᠯᠭᠠᠨ ᠤ ᠲᠥᠪ ᠡᠭᠦᠰᠦᠨ ᠪᠠᠢᠭᠤᠯᠤᠭᠳᠠᠭᠰᠠᠨ ᠤ ᠲᠡᠦᠬᠡᠲᠦ 75 ᠵᠢᠯ ᠦᠨ ᠣᠢ ᠡᠨᠡ ᠣᠨ ᠳᠤ ᠲᠣᠬᠢᠶᠠᠵᠤ ᠪᠠᠶᠢᠨ᠎ᠠ᠃ 1945 ᠣᠨ ᠳᠤ ᠣᠷᠣᠨ ᠨᠤᠲᠤᠭ ᠰᠤᠳᠤᠯᠬᠤ ᠺᠠᠪᠢᠨᠧᠲ᠂ 1979 ᠣᠨ ᠳᠤ ᠣᠷᠣᠨ ᠨᠤᠲᠤᠭ ᠰᠤᠳᠤᠯᠬᠤ ᠮᠦᠽᠧᠢ᠂ 1999 ᠣᠨ ᠳᠤ ᠮᠦᠽᠧᠢ ᠰᠤᠷᠭᠠᠯᠲᠠ ᠰᠤᠳᠤᠯᠭᠠᠨ ᠤ ᠲᠥᠪ ᠪᠣᠯᠤᠨ ᠲᠡᠦᠬᠡᠨ ᠳᠦ ᠪᠡᠨ ᠭᠤᠷᠪᠠᠨ ᠤᠳᠠᠭ᠎ᠠ ᠨᠡᠷ᠎ᠡ ᠪᠡᠨ ᠰᠣᠯᠢᠭᠰᠠᠨ ᠲᠤᠰ ᠮᠦᠽᠧᠢ ᠨᠡᠶᠢᠲᠡ 5600 ᠭᠠᠷᠤᠢ ᠦᠵᠡᠮᠦᠷᠢ ᠲᠡᠢ᠃
ᠮᠦᠽᠧᠢ ᠶᠢᠨ ᠬᠠᠮᠲᠤ ᠣᠯᠠᠨ ᠥᠩᠭᠡᠷᠡᠭᠰᠡᠨ ᠣᠨ ᠳᠤ ᠮᠦᠽᠧᠢ ᠶᠢᠨ ᠪᠠᠷᠢᠯᠭ᠎ᠠ ᠶᠢᠨ ᠥᠷᠥᠭᠡ᠂ ᠲᠠᠰᠤᠯᠭ᠎ᠠ᠂ ᠭᠠᠳᠠᠭᠠᠬᠢ ᠣᠷᠴᠢᠨ ᠢᠶᠠᠨ ᠵᠠᠰᠠᠪᠤᠷᠢᠯᠠᠭᠰᠠᠨ ᠪᠣᠯ ᠦᠵᠡᠮᠦᠷᠢ ᠶᠢᠨ ᠭᠤᠷᠪᠠᠨ ᠲᠠᠩᠬᠢᠮ ᠢᠶᠠᠨ ᠰᠢᠨᠡᠴᠢᠯᠡᠵᠦ ᠵᠠᠰᠠᠪᠤᠷᠢᠯᠠᠵᠠᠢ᠃ ᠲᠡᠦᠬᠡᠲᠦ ᠣᠢ ᠪᠠᠨ ᠤᠭᠲᠤᠵᠤ ᠰᠤᠮᠤᠳ ᠤᠨ ᠰᠤᠶᠤᠯ ᠤᠨ ᠲᠥᠪ ᠦᠨ ᠡᠷᠬᠢᠯᠡᠭᠴᠢᠳ᠂ ᠮᠦᠽᠧᠢ ᠶᠢᠨ ᠠᠵᠢᠯᠲᠠᠳ ᠤᠨ ᠳᠤᠮᠳᠠ ᠰᠤᠷᠭᠠᠯᠲᠠ ᠵᠣᠬᠢᠶᠠᠨ ᠪᠠᠶᠢᠭᠤᠯᠤᠭᠰᠠᠨ ᠪᠣᠯ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ ᠦᠨ ᠲᠠᠯ᠎ᠠ ᠪᠠᠷ ᠲᠡᠮᠡᠴᠡᠭᠡᠨ ᠵᠣᠬᠢᠶᠠᠨ ᠪᠠᠶᠢᠭᠤᠯᠤᠯ᠎ᠠ᠃ ᠮᠥᠨ ᠲᠡᠦᠬᠡᠲᠦ ᠣᠢ ᠶᠢᠨ ᠪᠠᠶᠠᠷ ᠤᠨ ᠬᠤᠷᠠᠯ ᠪᠣᠯᠵᠤ ᠡᠷᠬᠢᠯᠡᠭᠰᠡᠨ ᠰᠠᠯᠪᠤᠷᠢ ᠳᠤ ᠪᠠᠨ ᠠᠮᠵᠢᠯᠲᠠ ᠭᠠᠷᠭᠠᠭᠰᠠᠨ ᠬᠦᠮᠦᠰ ᠢ ᠱᠠᠩᠨᠠᠵᠤ ᠤᠷᠮᠠᠰᠢᠭᠤᠯᠤᠭᠰᠠᠨ ᠪᠣᠯ 《ᠰᠠᠷᠠᠨ ᠬᠦᠬᠦᠭᠡ》 ᠲᠢᠶᠠᠲ᠋ᠷ ᠤᠨ ᠤᠷᠠᠨ ᠪᠦᠲᠦᠭᠡᠯᠴᠢᠳ ᠬᠦᠨᠳᠦᠳᠬᠡᠯ ᠦᠨ ᠲᠣᠭᠯᠠᠯᠲᠠ ᠪᠠᠷ ᠪᠡᠯᠡᠭ ᠪᠠᠷᠢᠭᠰᠠᠨ ᠶᠤᠮ᠃
ᠳᠣᠷᠣᠨᠠᠭᠣᠪᠢ ᠶᠢᠨ ᠮᠦᠽᠧᠢ ᠳᠦ ᠾᠦᠩᠨᠤ ᠶᠢᠨ ᠦᠶ᠎ᠡ ᠳᠦ ᠬᠣᠯᠪᠣᠭᠳᠠᠬᠤ ᠠᠷᠾᠸᠦᠯᠦᠭᠢ ᠶᠢᠨ ᠬᠣᠪᠣᠷ ᠦᠵᠡᠮᠦᠷᠢ ᠨᠦᠭᠦᠳ ᠪᠠᠢᠳᠠᠭ ᠢᠶᠠᠷ ᠢᠶᠠᠨ ᠪᠤᠰᠤᠳ ᠠᠶᠢᠮᠠᠭ ᠤᠨ ᠲᠡᠦᠬᠡ ᠶᠢᠨ ᠮᠦᠽᠧᠢ ᠡᠴᠡ ᠢᠯᠭᠠᠷᠠᠬᠤ ᠣᠨᠴᠠᠯᠢᠭ ᠲᠠᠢ ᠲᠡᠳᠦᠢ ᠦᠭᠡᠢ᠂ ᠪᠠᠢᠭᠠᠯᠢ ᠶᠢᠨ ᠬᠡᠰᠡᠭ ᠲᠦ ᠡᠷᠲᠡᠨ ᠦ ᠠᠪᠤᠷᠭᠤ ᠰᠦᠨ ᠲᠡᠵᠢᠭᠡᠯᠲᠡᠨ᠂ ᠵᠢᠭᠠᠰᠤ᠂ ᠶᠠᠰᠤᠲᠤ ᠮᠡᠯᠡᠬᠡᠢ᠂ ᠦᠯᠭᠡ ᠭᠦᠷᠪᠡᠯ ᠵᠡᠷᠭᠡ ᠰᠡᠭᠡᠷ ᠨᠢᠷᠤᠭᠤᠲᠠᠨ ᠠᠮᠢᠲᠠᠳ ᠤᠨ ᠲᠤᠬᠠᠢ ᠦᠵᠡᠮᠦᠷᠢ ᠶᠢ ᠰᠣᠨᠢᠷᠬᠠᠬᠤ ᠪᠣᠯᠤᠮᠵᠢ ᠲᠠᠢ᠃