ᠳᠠᠭᠠᠮ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠤᠯᠤᠯ᠎ᠠ | News.MN

ᠳᠠᠭᠠᠮ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠤᠯᠤᠯ᠎ᠠ

ᠳᠠᠭᠠᠮ ᠰᠣᠨᠢᠷᠬᠠᠭᠴᠢᠳ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 23-25 ᠍ ᠤ ᠡᠳᠦᠷ ᠦᠳ ᠲᠦ ᠬᠡᠨᠲᠡᠢ ᠠᠶᠢᠮᠠᠭ ᠤᠨ ᠡᠮᠦᠨᠡᠳᠡᠯᠭᠡᠷ ᠰᠤᠮᠤ ᠳᠤ ᠵᠣᠬᠢᠶᠠᠨ ᠪᠠᠶᠢᠭᠤᠯᠤᠭᠳᠠᠯ᠎ᠠ᠃  ᠭᠤᠷᠪᠠᠳᠠᠬᠢ  ᠤᠳᠠᠭ᠎ᠠ ᠪᠠᠨ ᠵᠣᠬᠢᠶᠠᠨ ᠪᠠᠶᠢᠭᠤᠯᠤᠭᠳᠠᠭᠰᠠᠨ ᠲᠤᠰ ᠲᠡᠮᠡᠴᠡᠭᠡᠨ ᠳᠦ 11 ᠠᠶᠢᠮᠠᠭ᠂ ᠨᠡᠶᠢᠰᠯᠡᠯ ᠦᠨ ᠲᠠᠪᠤᠨ ᠳᠡᠭᠦᠷᠭᠡ ᠶᠢᠨ ᠡᠷᠡᠭᠲᠡᠢ 115᠂ ᠡᠮᠡᠭᠲᠡᠢ 58 ᠬᠦᠮᠦᠨ ᠣᠷᠣᠯᠴᠠᠵᠤ᠂ ᠤᠬᠠᠭᠠᠨ ᠢᠶᠠᠨ ᠤᠷᠤᠯᠳᠤᠭᠤᠯᠤᠭᠰᠠᠨ ᠪᠠᠶᠢᠨ᠎ᠠ᠃

ᠡᠮᠡᠭᠲᠡᠢ ᠠᠩᠭᠢᠯᠠᠯ ᠳᠤ ᠬᠡᠨᠲᠡᠢ ᠠᠶᠢᠮᠠᠭ ᠤᠨ ᠡᠮᠦᠨᠡᠳᠡᠯᠭᠡᠷ ᠰᠤᠮᠤ ᠶᠢᠨ ᠢᠷᠭᠡᠨ ᠠ᠊ ∙ ᠠᠨᠤᠵᠢᠨ 15 ᠣᠨᠣᠭ᠎ᠠ ᠪᠠᠷ ᠲᠡᠷᠢᠭᠦᠯᠡᠭᠰᠡᠨ ᠪᠣᠯ ᠳᠡᠳ᠋ ᠮᠠᠰᠲ᠋ᠸᠷ ᠮ ∙ ᠨᠠᠷᠠᠨᠲᠤᠶᠠᠭ᠎ᠠ᠂ ᠳᠣᠷᠣᠨᠠᠭᠣᠪᠢ ᠠᠶᠢᠮᠠᠭ ᠤᠨ ᠲᠠᠮᠢᠷᠴᠢᠨ ᠯ ∙ ᠨᠠᠳᠮᠢᠳ ᠨᠠᠷ 14 ᠣᠨᠣᠭ᠎ᠠ ᠪᠠᠷ ᠤᠳᠠᠭᠠᠯᠠᠵᠠᠢ᠃ ᠱᠠᠩᠨᠠᠯᠲᠤ ᠪᠠᠶᠢᠷᠢᠨ ᠳᠤ ᠳᠡᠳ᠋ ᠮᠠᠰᠲ᠋ᠸᠷ ᠼ ∙ ᠰᠠᠴᠤᠷᠠᠯ᠂ ᠼ ∙ ᠨᠣᠮᠢᠨ-ᠡᠷᠳᠡᠨᠢ ᠨᠠᠷ ᠰᠢᠯᠭᠠᠷᠠᠵᠠᠢ᠃ ᠬᠠᠷᠢᠨ ᠡᠷᠡᠭᠲᠡᠢ ᠠᠩᠭᠢᠯᠠᠯ ᠳᠤ ᠳᠣᠷᠣᠨᠠᠭᠣᠪᠢ ᠠᠶᠢᠮᠠᠭ ᠤᠨ ᠲᠠᠮᠢᠷᠴᠢᠨ ᠰ ∙ ᠪᠠᠶᠠᠷᠳᠠᠭᠪᠠ᠂ ᠪ ∙ ᠣᠳᠬᠣᠨᠪᠠᠶᠠᠷ᠂ ᠣ᠊ ∙ᠬᠠᠰᠡᠷᠳᠡᠨᠢ ᠨᠠᠷ ᠡᠬᠢᠨ ᠦ ᠪᠠᠶᠢᠷᠢ ᠨᠤᠭᠤᠳ ᠲᠤ ᠰᠢᠯᠭᠠᠷᠠᠭᠰᠠᠨ ᠪᠠᠶᠢᠨ᠎ᠠ᠃ ᠱᠠᠩᠨᠠᠯᠲᠤ ᠪᠠᠶᠢᠷᠢᠨ ᠳᠤ ᠠᠷᠤᠬᠠᠩᠭᠠᠢ ᠠᠶᠢᠮᠠᠭ ᠤᠨ ᠲᠠᠮᠢᠷᠴᠢᠨ ᠪ ∙ᠠᠩᠬᠡᠪᠠᠲᠤ᠂ ᠪᠠᠶᠠᠨᠬᠣᠩᠭᠣᠷ ᠠᠶᠢᠮᠠᠭ ᠤᠨ ᠳᠡᠳ᠋ ᠮᠠᠰᠲ᠋ᠸᠷ ᠴ∙  ᠳᠠᠰᠢᠫᠤᠩᠰᠤᠭ ᠨᠠᠷ ᠲᠣᠳᠣᠷᠠᠵᠠᠢ᠃

ᠰᠡᠳᠬᠢᠭᠳᠡᠯ ᠦᠯᠡᠳᠡᠭᠡᠬᠦ