ᠮᠣᠩᠭᠣᠯ ᠤᠨ ᠢᠷᠭᠡᠨ 6.6 ᠰᠠᠶ᠎ᠠ ᠸᠣᠨ ᠤ ᠵᠠᠯᠢᠯᠠᠨ ᠬᠢᠵᠡᠢ | News.MN

ᠮᠣᠩᠭᠣᠯ ᠤᠨ ᠢᠷᠭᠡᠨ 6.6 ᠰᠠᠶ᠎ᠠ ᠸᠣᠨ ᠤ ᠵᠠᠯᠢᠯᠠᠨ ᠬᠢᠵᠡᠢ

ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠺᠶᠣᠩᠭᠢ ᠮᠤᠵᠢ ᠶᠢᠨ ᠭᠸᠠᠨᠵᠤ ᠬᠣᠲᠠ ᠶᠢᠨ ᠴᠠᠭᠳᠠᠭ᠎ᠠ ᠶᠢᠨ ᠬᠡᠯᠲᠡᠰ ᠡᠴᠡ 30 ᠣᠷᠴᠢᠮ ᠨᠠᠰᠤᠨ ᠤ ᠮᠣᠩᠭᠣᠯ ᠢᠷᠭᠡᠨ Aᠤᠲᠠᠰᠤ ᠪᠠᠷ ᠳᠠᠮᠵᠢᠭᠤᠯᠤᠨ ᠤᠳᠠᠭ᠎ᠠ ᠳᠠᠷᠠᠭ᠎ᠠ ᠵᠠᠯᠢᠯᠠᠨ ᠬᠢᠭᠰᠡᠨ ᠬᠡᠷᠡᠭ ᠢᠶᠡᠷ ᠪᠠᠷᠢᠪᠴᠢᠯᠠᠭᠳᠠᠭᠰᠠᠨ ᠲᠠᠯ᠎ᠠ ᠪᠠᠷ ᠮᠡᠳᠡᠭᠡᠯᠡᠵᠡᠢ᠃ ᠲᠣᠳᠣᠷᠠᠭᠤᠯᠪᠠᠯ᠂ ᠠᠷᠪᠠᠳᠤᠭᠠᠷ ᠰᠠᠷ᠎ᠠ ᠶᠢᠨ 15 ᠍ ᠳᠦ ᠢᠷᠭᠡᠨ Aᠨᠢᠭᠡᠨ ᠰᠠᠩᠬᠦᠦ ᠶᠢᠨ ᠪᠠᠶᠢᠭᠤᠯᠤᠯᠭ᠎ᠠ ᠶᠢᠨ ᠨᠡᠷ᠎ᠡ ᠪᠠᠷᠢᠨ 40 ᠣᠷᠴᠢᠮ ᠨᠠᠰᠤᠨ ᠤ ᠡᠷᠡᠭᠲᠡᠢ ᠬᠣᠬᠢᠷᠠᠭᠴᠢ ᠲᠠᠢ ᠤᠲᠠᠰᠤ ᠪᠠᠷ ᠶᠠᠷᠢᠵᠤ᠂ ᠮᠡᠳᠡᠭᠡᠯᠡᠯ ᠢ ᠨᠢ ᠠᠪᠴᠤ᠂ 6.6 ᠰᠠᠶ᠎ᠠ ᠸᠣᠨ ᠵᠠᠯᠢᠯᠠᠭᠰᠠᠨ ᠠᠵᠠᠢ᠃ ᠮᠥᠨ ᠠᠷᠪᠠᠳᠤᠭᠠᠷ ᠰᠠᠷ᠎ᠠ ᠶᠢᠨ 21 ᠍ ᠳᠦ ᠭᠸᠠᠨᠵᠤ ᠶᠢᠨ ᠵᠡᠭᠦᠨ ᠪᠣᠯᠤᠨ ᠡᠮᠦᠨᠡᠲᠦ ᠪᠥᠰᠡ ᠶᠢᠨ ᠴᠠᠭᠳᠠᠭ᠎ᠠ ᠶᠢᠨ ᠬᠡᠯᠲᠡᠰ ᠳᠡᠭᠡᠷᠡᠬᠢ ᠲᠡᠢ ᠢᠵᠢᠯ ᠠᠷᠭ᠎ᠠ ᠪᠠᠷ 11 ᠰᠠᠶ᠎ᠠ᠂ 20 ᠰᠠᠶ᠎ᠠ ᠸᠣᠨ ᠵᠠᠯᠢᠯᠠᠭᠰᠠᠨ ᠬᠡᠷᠡᠭ ᠦᠳ ᠢ ᠢᠯᠡᠷᠡᠭᠦᠯᠦᠭᠰᠡᠨ ᠢᠶᠡᠨ ᠮᠡᠳᠡᠭᠡᠯᠡᠵᠡᠢ᠃ ᠬᠣᠬᠢᠷᠠᠯ ᠢ ᠨᠡᠶᠢᠲᠡ ᠳ᠋ᠦᠩ     ᠢᠶᠡᠷ ᠨᠢ ᠠᠪᠴᠤ ᠦᠵᠡᠪᠡᠯ᠂ ᠡᠨᠡ ᠵᠢᠯ ᠳᠡᠭᠡᠷᠡᠬᠢ ᠲᠥᠷᠥᠯ ᠦᠨ 488 ᠵᠠᠯᠢᠯᠠᠨ ᠤ ᠬᠡᠷᠡᠭ ᠭᠠᠷᠴᠤ᠂ ᠨᠡᠶᠢᠲᠡ 10 ᠲᠡᠷᠪᠤᠮ ᠸᠣᠨ ᠭᠡᠮᠲᠦ ᠬᠡᠷᠡᠭᠲᠡᠳ ᠦᠨ ᠭᠠᠷ ᠲᠤ ᠣᠷᠣᠭᠰᠠᠨ ᠪᠠᠶᠢᠨ᠎ᠠ᠃
ᠴᠠᠭᠳᠠᠭ᠎ᠠ ᠶᠢᠨ ᠲᠠᠪᠤᠨ ᠬᠡᠯᠲᠡᠰ 483 ᠬᠡᠷᠡᠭ ᠳᠡᠭᠡᠷ᠎ᠡ ᠠᠵᠢᠯᠯᠠᠨ 61 ᠬᠦᠮᠦᠨ ᠪᠠᠷᠢᠪᠴᠢᠯᠠᠭᠰᠠᠨ ᠴᠤ ᠲᠡᠳᠡ ᠪᠦᠭᠦᠳᠡ ᠪᠡᠯᠡᠨ ᠮᠥᠩᠭᠥ ᠵᠠᠯᠢᠯᠠᠭᠰᠠᠨ᠂ ᠡᠰᠡᠪᠡᠯ ᠣᠯᠠᠨ ᠬᠦᠮᠦᠨ ᠡᠴᠡ ᠪᠠᠭ᠎ᠠ ᠬᠡᠮᠵᠢᠶᠡᠨ ᠦ ᠮᠥᠩᠭᠥ ᠴᠤᠭᠯᠠᠭᠤᠯᠬᠤ ᠠᠷᠭ᠎ᠠ ᠬᠡᠷᠡᠭᠯᠡᠭᠰᠡᠨ ᠪᠠᠢᠪᠠ᠃ ᠬᠡᠳᠦᠢ ᠪᠡᠷ ᠵᠠᠯᠢᠯᠠᠨ ᠤ ᠬᠡᠷᠡᠭ ᠢ ᠭᠠᠷᠳᠠᠨ ᠬᠢᠭᠰᠡᠨ ᠬᠦᠮᠦᠰ ᠢ ᠪᠠᠷᠢᠪᠴᠢᠯᠠᠯ᠎ᠠ ᠴᠤ ᠠᠵᠢᠯ ᠣᠯᠭᠤᠭᠴᠢᠳ ᠨᠢ ᠳᠠᠬᠢᠨ ᠥᠭᠡᠷ᠎ᠡ ᠬᠦᠮᠦᠰ ᠢ ᠠᠵᠢᠯᠯᠠᠭᠤᠯᠵᠤ᠂ ᠭᠡᠮᠲᠦ ᠬᠡᠷᠡᠭ ᠢᠶᠡᠨ ᠦᠷᠭᠦᠯᠵᠢᠯᠡᠭᠦᠯᠳᠡᠭ ᠲᠤᠯᠠ ᠦᠷ᠎ᠡ ᠳ᠋ᠦᠩ ᠭᠠᠷᠬᠤ ᠦᠭᠡᠢ ᠪᠠᠶᠢᠭ᠎ᠠ  ᠠᠵᠠᠢ᠃

ᠰᠡᠳᠬᠢᠭᠳᠡᠯ ᠦᠯᠡᠳᠡᠭᠡᠬᠦ