ᠮᠣᠩᠭᠣᠯᠴᠤᠳ ᠲᠷᠠᠮᠫ  ᠢ ᠬᠠᠮᠤᠭ ᠤᠨ ᠶᠡᠬᠡ ᠳᠡᠮᠵᠢᠳᠡᠭ | News.MN

ᠮᠣᠩᠭᠣᠯᠴᠤᠳ ᠲᠷᠠᠮᠫ  ᠢ ᠬᠠᠮᠤᠭ ᠤᠨ ᠶᠡᠬᠡ ᠳᠡᠮᠵᠢᠳᠡᠭ

Gallup ᠰᠤᠳᠤᠯᠭᠠᠨ ᠤ ᠪᠠᠶᠢᠭᠤᠯᠤᠯᠭ᠎ᠠ ᠶᠢᠨ ᠬᠠᠮᠤᠭ ᠤᠨ ᠰᠡᠭᠦᠯ ᠳᠦ ᠶᠠᠪᠤᠭᠤᠯᠤᠭᠰᠠᠨ ᠰᠠᠨᠠᠯ ᠠᠰᠠᠭᠤᠯᠭ᠎ᠠ ᠪᠠᠷ ᠠᠮᠧᠷᠢᠺᠠ ᠶᠢᠨ ᠶᠡᠷᠦᠩᠬᠡᠶᠢᠯᠡᠭᠴᠢ ᠳ᠋ᠤᠨᠠᠯᠳ᠋ ᠲᠷᠠᠮᠫ ᠤᠨ ᠨᠡᠷ᠎ᠡ ᠬᠦᠨᠳᠦ ᠠᠽᠢᠶ᠎ᠠ ᠶᠢᠨ ᠣᠷᠣᠨ ᠨᠤᠭᠤᠳ ᠠᠴᠠ ᠮᠣᠩᠭᠣᠯ ᠳᠤ ᠬᠠᠮᠤᠭ ᠤᠨ ᠥᠨᠳᠥᠷ ᠪᠠᠶᠢᠭ᠎ᠠ ᠨᠢ ᠬᠠᠷᠠᠭᠳᠠᠵᠠᠢ᠃ ᠭᠧᠷᠮᠠᠨ ᠤ Statista ᠰᠲ᠋ᠠᠲ᠋ᠢᠰᠲ᠋ᠢᠺ ᠮᠡᠳᠡᠭᠡᠯᠡᠯ ᠪᠣᠯᠪᠠᠰᠤᠷᠠᠭᠤᠯᠤᠭᠴᠢ ᠺᠣᠮᠫᠠᠨᠢ ᠰᠠᠶ᠋ᠢᠬᠠᠨ ᠡᠨᠡ ᠰᠤᠳᠤᠯᠭᠠᠨ ᠤ ᠳ᠋ᠦᠩ ᠢᠶᠡᠨ ᠭᠷᠠᠹᠢᠺ ᠢᠶᠠᠷ ᠬᠠᠷᠠᠭᠤᠯᠤᠭᠰᠠᠨ ᠪᠠᠶᠢᠨ᠎ᠠ᠃ ᠰᠤᠳᠤᠯᠭᠠᠨ ᠳᠤ ᠣᠷᠣᠯᠴᠠᠭᠰᠠᠨ ᠮᠣᠩᠭᠣᠯᠴᠤᠳ ᠤᠨ 62 ᠬᠤᠪᠢ ᠨᠢ ᠲᠷᠠᠮᠫ ᠤᠨ ᠵᠠᠰᠠᠭ ᠵᠠᠬᠢᠷᠭᠠᠨ ᠤ ᠶᠠᠪᠤᠭᠤᠯᠵᠤ ᠪᠤᠢ ᠪᠣᠳᠣᠯᠭ᠎ᠠ ᠶᠢ ᠨᠠᠭᠠᠰᠢ ᠲᠠᠢ ᠦᠨᠡᠯᠡᠭᠰᠡᠨ ᠪᠣᠯ  ᠯᠠᠦ᠋ᠰ ᠤᠯᠤᠰ ᠤᠨ ᠢᠷᠭᠡᠳ ᠦᠨ ᠳᠥᠩᠭᠡᠵᠢ 8 ᠬᠤᠪᠢ ᠨᠢ ᠰᠠᠶᠢᠨ ᠢᠶᠠᠷ ᠦᠨᠡᠯᠡᠵᠡᠢ᠃
《Gallup ᠤᠨ ᠵᠢᠯ ᠲᠤᠲᠤᠮ ᠤᠨ ᠰᠤᠳᠤᠯᠭ᠎ᠠ ᠪᠠᠷ ᠠᠮᠧᠷᠢᠺᠠ ᠶᠢᠨ ᠶᠡᠷᠦᠩᠬᠡᠶᠢᠯᠡᠭᠴᠢ ᠶᠢᠨ ᠦᠨᠡᠯᠡᠮᠵᠢ ᠠᠽᠢᠶ᠎ᠠ ᠶᠢᠨ ᠣᠷᠣᠨ ᠨᠤᠭᠤᠳ ᠲᠤ ᠨᠡᠯᠢᠶᠡᠳ ᠢᠯᠭᠠᠭ᠎ᠠ ᠲᠠᠢ ᠪᠠᠶᠢᠨ᠎ᠠ᠃ ᠮᠣᠩᠭᠣᠯ ᠪᠣᠯᠤᠨ  ᠹᠢᠯᠢᠫᠢᠨ ᠳᠦ ᠬᠠᠮᠤᠭ ᠤᠨ ᠰᠠᠶᠢᠨ ᠦᠨᠡᠯᠡᠭᠡ ᠠᠪᠴᠠᠢ᠃ ᠬᠠᠮᠤᠭ ᠤᠨ ᠮᠠᠭᠤ ᠦᠨᠡᠯᠡᠭᠡ ᠶᠢ ᠯᠠᠦ᠋ᠰ ᠤᠨ ᠢᠷᠭᠡᠳ ᠥᠭᠭᠦᠭᠰᠡᠨ ᠪᠠᠶᠢᠨ᠎ᠠ᠃ ᠤᠯᠤᠰ ᠪᠦᠷᠢ ᠡᠴᠡ 15 ᠍ ᠠᠴᠠ ᠳᠡᠭᠡᠭᠰᠢ ᠨᠠᠰᠤᠨ ᠤ 1000 ᠬᠦᠮᠦᠨ ᠤᠭ ᠰᠤᠳᠤᠯᠭᠠᠨ ᠳᠤ ᠣᠷᠣᠯᠴᠠᠭᠰᠠᠨ ᠶᠤᠮ ᠭᠡᠵᠦ Statista ᠺᠣᠮᠫᠠᠨᠢ ᠶᠢᠨ ᠳ᠋ᠠᠢᠲ᠋ᠠ ᠰᠡᠳᠬᠦᠯᠴᠢ ᠺᠠᠲ᠋ᠠᠷᠢᠨ᠎ᠠ ᠪᠤᠬᠠᠬᠤᠢᠯᠢᠼ ᠶᠠᠷᠢᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ