ᠰᠢᠷᠡᠭᠡᠨ ᠦ ᠲᠧᠨᠨᠢᠰ  ᠦᠨ ᠲᠡᠮᠡᠴᠡᠭᠡᠨ ᠳᠦ ᠪᠠᠲᠤᠰᠦ᠋ᠮᠪᠤᠷ ᠰᠤᠮᠤ ᠲᠡᠷᠢᠭᠦᠯᠡᠪᠡ  | News.MN

ᠰᠢᠷᠡᠭᠡᠨ ᠦ ᠲᠧᠨᠨᠢᠰ  ᠦᠨ ᠲᠡᠮᠡᠴᠡᠭᠡᠨ ᠳᠦ ᠪᠠᠲᠤᠰᠦ᠋ᠮᠪᠤᠷ ᠰᠤᠮᠤ ᠲᠡᠷᠢᠭᠦᠯᠡᠪᠡ 

ᠲᠥᠪ ᠠᠶᠢᠮᠠᠭ ᠤᠨ ᠪᠠᠲᠤᠰᠦ᠋ᠮᠪᠤᠷ ᠰᠤᠮᠤᠨ ᠳᠤ ᠠᠶᠢᠮᠠᠭ ᠤᠨ ᠠᠪᠤᠷᠭᠤ ᠰᠢᠯᠭᠠᠷᠠᠭᠤᠯᠬᠤ ᠰᠢᠷᠡᠭᠡᠨ ᠦ ᠲᠧᠨᠨᠢᠰ ᠤᠨ ᠲᠡᠮᠡᠴᠡᠭᠡᠨ ᠪᠣᠯᠤᠯ᠎ᠠ᠃ ᠲᠡᠮᠡᠴᠡᠭᠡᠨ ᠳᠦ ᠨᠡᠶᠢᠲᠡ 200 ᠭᠠᠷᠤᠢ ᠲᠠᠮᠢᠷᠴᠢᠨ ᠬᠤᠷᠳᠤ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠭᠰᠡᠨ ᠡᠴᠡ ᠪᠠᠭ ᠤᠨ ᠨᠡᠶᠢᠯᠡᠪᠦᠷᠢ  ᠳ᠋ᠦᠩ ᠢᠶᠡᠷ ᠲᠡᠷᠢᠭᠦᠨ ᠪᠠᠶᠢᠷᠢ ᠳᠤ ᠪᠠᠲᠤᠰᠦ᠋ᠮᠪᠤᠷ ᠰᠤᠮᠤ ᠰᠢᠯᠭᠠᠷᠠᠭᠰᠠᠨ ᠪᠣᠯ ᠳᠡᠳ᠋ ᠪᠠᠶᠢᠷᠢ ᠳᠤ  ᠤᠭᠲᠤᠭᠠᠯ ᠴᠠᠢᠳᠠᠮ ᠰᠤᠮᠤ᠂ ᠭᠤᠷᠪᠠᠳᠤᠭᠠᠷ ᠪᠠᠶᠢᠷᠢ ᠳᠤ ᠵᠠᠭᠤᠨᠮᠤᠳᠤ ᠰᠤᠮᠤ ᠲᠤᠰ ᠲᠤᠰ ᠰᠢᠯᠭᠠᠷᠠᠵᠠᠢ᠃
ᠤᠭ ᠲᠡᠮᠡᠴᠡᠭᠡᠨ ᠢ 1986 ᠣᠨ ᠤ ᠲᠡᠭᠦᠰᠦᠭᠴᠢ ᠱ ∙ ᠶᠠᠪᠤᠭᠤᠬᠤᠯᠠᠨ ᠪᠣᠯᠤᠨ ᠳᠤᠯᠠᠭᠠᠨ ᠦᠢᠯᠡᠳᠪᠦᠷᠢᠯᠡᠯ ᠦᠨ 《ᠥᠨᠢᠷᠮᠠᠨᠳᠠᠯ》 ᠺᠤᠮᠫᠠᠨᠢ ᠶᠢᠨ ᠬᠠᠮᠲᠤ ᠣᠯᠠᠨ ᠢᠪᠡᠭᠡᠨ ᠲᠡᠳᠬᠦᠵᠡᠢ᠃

ᠰᠡᠳᠬᠢᠭᠳᠡᠯ ᠦᠯᠡᠳᠡᠭᠡᠬᠦ