ᠮᠣᠷᠢᠨ ᠬᠤᠭᠤᠷ ᠤᠨ ᠴᠢᠭᠤᠯᠭ᠎ᠠ ᠡᠨᠡ ᠰᠠᠷ᠎ᠠ ᠶᠢᠨ 30᠂ 31 ᠍ ᠳᠦ 《ᠫᠣᠥᠮᠠ》 ᠳᠠᠩ ᠬᠥᠭᠵᠢᠮ ᠦᠨ ᠺᠣᠨᠼᠧᠷᠲ ᠲᠠᠢ᠃ ᠲᠤᠰ ᠴᠢᠭᠤᠯᠭ᠎ᠠ ᠶᠢᠨ ᠬᠢᠨ ᠤᠭ ᠨᠢ ᠨᠢᠭᠡ ᠡᠳᠦᠷ ᠲᠣᠭᠯᠠᠬᠤ ᠪᠠᠷ ᠲᠣᠪᠯᠠᠭᠰᠠᠨ ᠴᠤ ᠲᠠᠰᠤᠯᠪᠤᠷᠢ ᠨᠢ ᠨᠢᠳᠦ ᠢᠷᠮᠡᠬᠦ ᠵᠠᠭᠤᠷ᠎ᠠ ᠳᠠᠭᠤᠰᠴᠠᠢ᠃ ᠲᠡᠶᠢᠮᠦ ᠡᠴᠡ ᠦᠵᠡᠭᠴᠢᠳ ᠦᠨ ᠬᠦᠰᠡᠯᠲᠡ ᠪᠡᠷ 31 ᠍ ᠳᠦ ᠳᠠᠬᠢᠨ ᠲᠣᠭᠯᠠᠬᠤ ᠪᠠᠷ ᠪᠣᠯᠤᠭᠰᠠᠨ᠃ ᠡᠨᠡ ᠦᠳᠡᠰᠢ ᠵᠥᠪᠬᠡᠨ ᠮᠣᠩᠭᠣᠯ ᠪᠦᠲᠦᠭᠡᠯ ᠦᠳ ᠰᠣᠨᠣᠰᠬᠠᠨ᠎ᠠ᠃ ᠬᠥᠭᠵᠢᠮ ᠦᠨ ᠵᠣᠬᠢᠶᠠᠯᠴᠢ ᠼ ∙ ᠡᠷᠳᠡᠨᠢᠪᠠᠲᠤ ᠶᠢᠨ ᠹᠯᠧᠢᠲ ᠬᠦᠭᠵᠢᠮ ᠳᠦ ᠵᠣᠷᠢᠭᠤᠯᠤᠭᠰᠠᠨ 《ᠢᠨᠲᠸᠷᠮᠸᠼᠼᠤ᠋》 ᠶᠢ ᠬᠥᠭᠵᠢᠮᠴᠢᠨ ᠭ ∙ ᠭᠡᠷᠡᠯᠴᠡᠴᠡᠭ ᠭᠣᠴᠣᠯᠠᠬᠤ ᠶᠤᠮ᠃ ᠮᠥᠨ ᠬ ∙ ᠮᠥᠩᠬᠡ-ᠶᠢᠷᠲᠢᠨᠴᠦ ᠶᠢᠨ ᠣᠯᠠᠨ ᠤᠯᠤᠰ ᠤᠨ ᠬᠥᠭᠵᠢᠮ ᠦᠨ ᠵᠣᠬᠢᠶᠠᠯᠴᠢᠳ ᠤᠨ ᠤᠷᠤᠯᠳᠤᠭᠠᠨ ᠳᠤ ᠱᠠᠩᠨᠠᠯᠲᠤ ᠪᠠᠶᠢᠷᠢ ᠡᠵᠡᠯᠡᠭᠰᠡᠨ ᠮᠣᠷᠢᠨ ᠬᠤᠭᠤᠷ ᠤᠨ ᠴᠢᠭᠤᠯᠭ᠎ᠠ ᠳᠤ ᠵᠣᠷᠢᠭᠤᠯᠤᠭᠰᠠᠨ ᠺᠣᠨᠼᠧᠷᠲ ᠤᠨ 《ᠤᠷᠠᠨ ᠰᠡᠳᠬᠢᠮᠵᠢ》 ᠶᠢ ᠲᠣᠭᠯᠠᠨ᠎ᠠ᠃ ᠲᠡᠭᠦᠨᠴᠢᠯᠡᠨ ᠬ ∙ ᠠᠯᠲᠠᠨᠭᠡᠷᠡᠯ ᠦᠨ ᠰᠢᠨ᠎ᠡ ᠪᠦᠲᠦᠭᠡᠯ ᠮᠣᠷᠢᠨ ᠬᠤᠭᠤᠷ ᠤᠨ ᠴᠢᠭᠤᠯᠭ᠎ᠠ ᠳᠤ ᠵᠣᠷᠢᠭᠤᠯᠤᠭᠰᠠᠨ 《ᠬᠦᠷᠳᠦᠨ》ᠺᠣᠨᠼᠧᠷᠲ ᠢ ᠠᠩᠬ᠎ᠠ ᠤᠳᠠᠭ᠎ᠠ ᠬᠦᠷᠭᠡᠨ᠎ᠡ᠃ ᠡᠭᠦᠨ ᠡᠴᠡ ᠭᠠᠳᠠᠨ᠎ᠠ ᠬᠥᠭᠵᠢᠮ ᠦᠨ ᠵᠣᠬᠢᠶᠠᠯᠴᠢ ᠱ ∙ ᠥᠯᠵᠡᠶᠢᠪᠠᠶᠠᠷ ᠤᠨ ᠬᠣᠶᠠᠷ ᠪᠦᠲᠦᠭᠡᠯ ᠢ ᠡᠭᠡᠰᠢᠭᠯᠡᠭᠦᠯᠬᠦ ᠶᠤᠮ ᠪᠠᠶᠢᠨ᠎ᠠ᠃