ᠡᠮᠡᠭᠲᠡᠢ ᠰᠢᠲᠠᠷᠠᠴᠢᠳ ︽ᠠᠽᠢᠶ᠎ᠠ ᠵᠢᠨ ᠴᠤᠮᠣ︾ᠴᠠᠬᠢᠮ ᠲᠡᠮᠡᠴᠡᠭᠡᠨ ᠪ ᠬᠦᠷᠡᠯ ᠮᠸᠳᠠᠯ ᠤᠨ ᠪᠣᠯᠵᠤᠯ ᠬᠠᠩᠭᠠᠯ᠎ᠠ | News.MN

ᠡᠮᠡᠭᠲᠡᠢ ᠰᠢᠲᠠᠷᠠᠴᠢᠳ ︽ᠠᠽᠢᠶ᠎ᠠ ᠵᠢᠨ ᠴᠤᠮᠣ︾ᠴᠠᠬᠢᠮ ᠲᠡᠮᠡᠴᠡᠭᠡᠨ ᠪ ᠬᠦᠷᠡᠯ ᠮᠸᠳᠠᠯ ᠤᠨ ᠪᠣᠯᠵᠤᠯ ᠬᠠᠩᠭᠠᠯ᠎ᠠ

 

ᠰᠢᠲᠠᠷ᠎ᠠ ᠵᠢᠨ ᠠᠽᠢᠶ᠎ᠠ ᠲᠢᠪ ᠤᠨ ᠴᠤᠮᠣ ᠵᠢᠨ ᠠᠪᠤᠷᠭᠤ ᠰᠢᠯᠭᠠᠷᠠᠭᠤᠯᠬᠤ ᠴᠠᠬᠢᠮ ᠲᠡᠮᠡᠴᠡᠭᠡᠨ ᠪ ᠰᠢᠢᠳᠪᠦᠷᠢᠯᠡᠬᠦ ᠲᠤᠬᠯᠠᠯᠲᠠ ᠨᠤᠭᠤᠳ  10.24  ᠳᠤ ᠪᠣᠯᠤᠯ᠎ᠠ ᠃ ᠡᠨᠡ ᠲᠡᠮᠡᠴᠡᠭᠡᠨ ᠳ᠋ᠦ ᠥᠷᠢᠰᠦᠯᠳᠦᠭᠰᠡᠨ ᠮᠤᠩᠭᠤᠯ  ᠤᠨ ᠡᠮᠡᠭᠲᠡᠢ ᠰᠢᠲᠠᠷᠠᠴᠢᠳ ᠤᠨ ᠪᠠᠭ ᠬᠦᠷᠡᠯ ᠮᠧᠳᠠᠯ ᠬᠦᠷᠲᠡᠬᠦ ᠪᠣᠯᠵᠤᠯ ᠵᠢᠨᠨ ᠬᠠᠩᠭᠠᠬᠰᠠᠨ ᠪᠠᠢᠢᠨ᠎ᠠ ᠃

ᠠᠽᠢᠶ᠎ᠠ ᠲᠢᠪ ᠤᠨ ᠰᠢᠲᠠᠷ᠎ᠠ ᠵᠢᠨ ᠬᠤᠯᠪᠣᠭᠠᠨ ᠡᠴᠠ ᠠᠽᠢᠶ᠎ᠠ ᠵᠢᠨ ᠴᠤᠮᠣ ᠵᠢᠨ ᠠᠪᠤᠷᠭᠤ ᠵᠢᠨ ᠲᠡᠮᠡᠴᠡᠭᠡᠨ ᠊ᠢ 2 ᠵᠢᠯ ᠲᠤᠲᠤᠮ ᠳᠤ ᠨᠢᠭᠡ ᠤᠳᠠᠭ᠎ᠠ ᠶᠠᠪᠤᠭᠤᠯᠳᠠᠭ ᠤᠯᠠᠮᠵᠢᠯᠠᠯ ᠲᠠᠢ ᠃ ᠡᠨᠡ ᠵᠢᠯ ᠲᠠᠬᠤᠯ  ᠤᠨ ᠤᠯᠠᠮ ᠡᠴᠠ ᠠᠩᠬ᠎ᠠ ᠤᠳᠠᠭ᠎ᠠ ᠴᠠᠬᠢᠮ ᠬᠡᠯᠪᠡᠷᠢ ᠪᠡᠷ ᠶᠠᠪᠤᠬᠳᠠᠯ᠎ᠠ᠃ ᠲᠡᠮᠡᠴᠡᠭᠡᠨ ᠳ᠋ᠦ ᠠᠽᠢᠶ᠎ᠠ ᠲᠢᠪ  ᠤᠨ ᠨᠠᠢᠮᠠᠨ ᠪᠦᠰᠡ ᠡᠴᠡ 38 ᠣᠷᠤᠨ ᠪ ᠡᠷᠡᠭᠲᠡᠢ ᠂ 31 ᠣᠷᠤᠨ ᠪ ᠡᠮᠡᠭᠲᠡᠢ ᠪᠠᠭ  ᠤᠨ ᠲᠠᠮᠢᠷᠴᠢᠳ ᠣᠶᠤᠨ ᠤᠬᠠᠭᠠᠨ ᠵᠢᠨᠨ ᠰᠤᠷᠢᠯ᠎ᠠ ᠃ ᠡᠮᠡᠭᠲᠡᠢ ᠰᠢᠲᠠᠷᠠᠴᠢᠳ ᠤᠨ ᠪᠠᠭ 9 ᠥᠷᠦᠭ ᠤᠨ ᠳᠠᠷᠠᠭ᠎ᠠ ᠬᠡᠰᠡᠭ ᠡᠴᠡ ᠪᠡᠨ ᠲᠠᠪᠤᠳᠤᠭᠠᠷ ᠪᠠᠢᠢᠷᠢ ᠪᠠᠷ ᠰᠢᠯᠭᠠᠷᠠᠵᠤ ᠰᠢᠪᠦᠭᠡ ᠵᠢᠨ ᠨᠠᠢᠮᠠ ᠳᠤ ᠰᠢᠯᠭᠠᠷᠠᠭᠠᠳ ᠂ ᠸᠢᠶᠧᠲ᠋ᠨᠠᠮ ᠤᠨ ᠪᠠᠭ ᠊ᠢ ᠬᠤᠵᠢᠵᠤ ᠰᠢᠯᠢᠳᠡᠭ ᠳᠥᠷᠪᠡ ᠳ᠋ᠦ ᠰᠢᠯᠭᠠᠷᠠᠬᠰᠠᠨ ᠶᠤᠮ ᠃  ᠲᠡᠳᠡ ᠡᠨᠡᠳᠬᠡᠭ ᠤᠯᠤᠰ ᠤᠨ ᠪᠠᠭ ᠲᠠᠢ ᠤᠴᠠᠷᠠᠭ᠎ᠠ ᠲᠠᠭᠠᠷᠠᠨ ᠲᠤᠬᠯᠠᠵᠤ ᠬᠤᠶᠠᠷ ᠲᠤᠬᠯᠠᠯᠲᠠ ᠵᠢᠨ ᠨᠡᠢᠢᠯᠡᠪᠦᠷᠢ ᠪᠡᠷ 2 – 0 ᠬᠠᠷᠢᠴᠠᠭ᠎ᠠ ᠲᠠᠢ ᠬᠤᠵᠢᠬᠳᠠᠬᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ