ᠮᠤᠳ᠋ᠸᠷᠨᠢ ᠤᠷᠠᠯᠢᠭ ᠤᠨ ᠲᠥᠯᠦᠭᠡᠯᠡᠭᠴᠢᠳ ᠤᠨ 20 ᠭᠠᠷᠤᠢ ᠪᠦᠲᠦᠭᠡᠯ ᠊ᠢ ᠵᠠᠯᠠᠪᠠ | News.MN

ᠮᠤᠳ᠋ᠸᠷᠨᠢ ᠤᠷᠠᠯᠢᠭ ᠤᠨ ᠲᠥᠯᠦᠭᠡᠯᠡᠭᠴᠢᠳ ᠤᠨ 20 ᠭᠠᠷᠤᠢ ᠪᠦᠲᠦᠭᠡᠯ ᠊ᠢ ᠵᠠᠯᠠᠪᠠ

 

ᠬᠠᠭᠠᠨ ᠪᠠᠩᠬᠢ ᠵᠢᠨ ᠵᠠᠬᠢᠷᠤᠯ ᠭᠡᠳᠡᠭ ᠵᠢᠨᠷ ᠮᠤᠩᠭᠤᠯᠴᠤᠳ ᠮᠡᠳᠡᠬᠦ  ᠫᠢᠲᠸᠷ  ᠮᠤᠷᠷᠤᠤ ᠠᠬᠰᠠᠨ ᠮᠠᠨ ᠪ ᠤᠯᠤᠰ ᠤᠨ ᠳᠦᠷᠰᠦᠯᠡᠬᠦ ᠤᠷᠠᠯᠢᠭ ᠤᠨ ᠬᠥᠭᠵᠢᠯ ᠳ᠋ᠦ ᠦᠨᠡᠲᠡᠢ ᠬᠤᠪᠢ ᠨᠡᠮᠡᠷᠢ ᠣᠷᠤᠭᠤᠯᠤᠬᠰᠠᠨ ᠊ᠢ ᠮᠡᠳᠡᠬᠦ ᠬᠥᠮᠦᠨ ᠣᠯᠠᠨ ᠃ ᠲᠡᠷᠡ ᠪᠡᠷ ᠣᠷᠴᠢᠨ ᠦᠶ᠎ᠡ ᠵᠢᠨ ᠠᠷᠭ᠎ᠠ ᠪᠠᠷᠢᠯ ᠵᠢᠨᠷ ᠲᠤᠭᠤᠷᠪᠢᠳᠠᠭ ᠂ ᠢᠯᠠᠩᠭᠤᠶ᠎ᠠ ᠵᠠᠯᠠᠭᠤ ᠵᠢᠷᠤᠭᠠᠴᠢᠳ ᠊ᠢ ᠳᠡᠮᠵᠢᠵᠦ ᠂ ᠪᠦᠲᠦᠭᠡᠯ ᠤᠳ ᠵᠢᠨᠷ ᠨᠢ ᠬᠠᠭᠠᠨ ᠪᠠᠩᠬᠢ ᠵᠢᠨ ᠳᠡᠷᠭᠡᠳᠡᠬᠢ ᠭᠠᠯᠸᠷᠸᠢ ᠰᠠᠩ ᠬᠥᠮᠦᠷᠭᠡ ᠵᠢ ᠪᠦᠷᠢᠳᠦᠭᠦᠯᠦᠭᠰᠡᠨ ᠪᠢᠯᠡ ᠃ ᠬᠤᠪᠢ ᠵᠢᠨ ᠬᠢᠨᠢ ᠴᠤᠬᠯᠠᠭᠤᠯᠭ᠎ᠠ ᠮᠥᠨ ᠰᠢᠯᠢᠳᠡᠭ ᠪᠦᠲᠦᠭᠡᠯ ᠲᠠᠢ ᠪᠥᠭᠡᠳ ᠲᠡᠳᠡᠭᠡᠷ ᠡᠴᠡ ᠨᠢ ᠳᠡᠭᠡᠵᠢᠯᠡᠭᠰᠡᠨ ︽ᠮᠢᠨᠤ ᠮᠤᠩᠭᠤᠯ︾ ᠦᠵᠡᠰᠬᠦᠯᠡᠩ ᠊ᠢ︽ᠬᠠᠭᠠᠨ︾ᠭᠠᠯᠸᠷᠸᠢ ᠳ᠋ᠤ ᠭᠠᠷᠭᠠᠵᠠᠢ ᠃ ᠮᠤᠩᠭᠤᠯ ᠤᠨ ᠮᠤᠳ᠋ᠸᠷᠨᠢ ᠤᠷᠠᠯᠢᠭ ᠤᠨ ᠨᠡᠷᠡᠲᠦ ᠲᠥᠯᠦᠭᠡᠯᠡᠭᠴᠢᠳ ᠤᠨ 20 ᠭᠠᠷᠤᠢ ᠤᠷᠠᠨ ᠵᠢᠷᠤᠭ ᠳᠤᠮᠳᠠ ᠯ᠊ · ᠪᠤᠮᠠᠨᠳᠤᠷᠵᠢ ᠶᠢᠨ︽ᠭᠡᠷ ᠬᠤᠷᠢᠶᠠᠯᠠᠯ ︾᠂ ᠨᠢᠭᠡᠨ ᠦᠶ᠎ᠡ ᠬᠤᠶᠠᠷ ᠵᠢᠷᠤᠭᠠᠴᠢ ᠬᠠᠮᠲᠤᠷᠠᠨ ᠪᠦᠲᠦᠭᠡᠭᠰᠡᠨ ᠂ ︽ᠦᠭᠡᠢ︾ ᠬᠡᠮᠡᠨ ᠳᠦᠷᠰᠦᠯᠡᠬᠦ ᠤᠷᠠᠯᠢᠭ ᠰᠤᠨᠢᠷᠬᠠᠬᠴᠢᠳ ᠤᠨ ᠳᠤᠮᠳᠠ ᠳᠤᠤᠯᠢᠶᠠᠨ ᠪᠣᠯᠤᠬᠰᠠᠨ︽ᠤᠤᠭᠢ ᠶᠢᠨ ᠬᠥᠷᠦᠭ︾᠂ ᠢᠬᠡᠷ᠎ᠡ ᠠᠬ᠎ᠠ ᠳᠡᠭᠦᠦ ᠴ᠊ · ᠡᠩᠬᠡᠵᠢᠨ᠂ ᠴ᠊ · ᠮᠥᠩᠬᠡᠵᠢᠨ ᠨᠠᠷ ᠤᠨ ᠪᠦᠲᠦᠭᠡᠯ ᠡᠭᠦᠳᠡ ᠪᠤᠢ ᠃

ᠰᠡᠳᠬᠢᠭᠳᠡᠯ ᠦᠯᠡᠳᠡᠭᠡᠬᠦ