ᠰᠢᠨᠵᠢᠯᠡᠬᠦ ᠤᠬᠠᠭᠠᠨ ᠲᠧᠭᠨᠤᠯᠤᠬᠢ ᠵᠢᠨ ᠶᠡᠬᠡ ᠰᠤᠷᠭᠠᠭᠤᠯᠢ ᠵᠢ ᠡᠷᠳᠡᠨᠢᠲᠦ ᠤᠷᠤᠭᠤ ᠨᠡᠭᠦᠯᠭᠡᠨ᠎ᠡ | News.MN

ᠰᠢᠨᠵᠢᠯᠡᠬᠦ ᠤᠬᠠᠭᠠᠨ ᠲᠧᠭᠨᠤᠯᠤᠬᠢ ᠵᠢᠨ ᠶᠡᠬᠡ ᠰᠤᠷᠭᠠᠭᠤᠯᠢ ᠵᠢ ᠡᠷᠳᠡᠨᠢᠲᠦ ᠤᠷᠤᠭᠤ ᠨᠡᠭᠦᠯᠭᠡᠨ᠎ᠡ

 

ᠪᠣᠯᠪᠠᠰᠤᠷᠠᠯ ᠂ ᠰᠢᠨᠵᠢᠯᠡᠬᠦ ᠤᠬᠠᠭᠠᠨ ᠪ ᠶᠠᠮᠤᠨ ᠴᠠᠭ ᠦᠶ᠎ᠡ ᠵᠢᠨ ᠠᠰᠠᠭᠤᠳᠠᠯ ᠵᠢᠨᠷ ᠮᠡᠳᠡᠭᠡᠯᠡᠯ ᠬᠢᠯ᠎ᠡ ᠃ ᠳᠡᠳ᠋ ᠰᠠᠢᠢᠳ ᠭ᠊·ᠭᠠᠩᠪᠠᠶᠠᠷ᠄ ᠴᠠᠬᠢᠮ ᠣᠷᠴᠢᠨ ᠳᠦ ᠲᠠᠷᠠᠭᠠᠳ ᠪᠤᠢ 12 ᠰᠤᠷᠭᠠᠭᠤᠯᠢ ᠵᠢ ᠬᠠᠭᠠᠬᠤ ᠭᠡᠵᠦ ᠪᠤᠢ ᠮᠡᠲᠦ ᠮᠡᠳᠡᠭᠡᠯᠡᠯ ᠭᠠᠷᠤᠬᠰᠠᠨ ᠪᠠᠢᠢᠬᠰᠠᠨ ᠃ ᠲᠡᠢᠢᠮᠦ ᠪᠢᠰᠢ ᠰᠢᠦ ᠃ ᠶᠡᠷᠦ ᠨᠢ ᠪᠦᠬᠦ ᠶᠡᠬᠡ ᠳᠡᠭᠡᠳᠦ ᠰᠤᠷᠭᠠᠭᠤᠯᠢ ᠵᠢᠨ ᠦᠢᠯᠡ ᠠᠵᠢᠯᠯᠠᠭ᠎ᠠ ᠵᠢ ᠰᠢᠯᠭᠠᠵᠤ ᠪᠠᠢᠢᠭ᠎ᠠ ᠪᠠ ᠶᠠᠮᠤᠨ ᠡᠴᠠ ᠬᠤᠪᠢ ᠵᠢᠨ᠂ ᠲᠥᠷᠦ ᠵᠢᠨ ᠭᠡᠵᠦ ᠢᠯᠭᠠᠯ ᠦᠭᠡᠢ ᠰᠢᠯᠭᠠᠳᠠᠭ ᠵᠢᠷᠤᠮ ᠲᠠᠢ ᠃ ᠰᠢᠯᠭᠠᠬᠰᠠᠨ ᠰᠤᠷᠭᠠᠭᠤᠯᠢ ᠪᠤᠯᠭᠠᠨ ᠢ ᠬᠠᠭᠠᠨ᠎ᠠ᠂ ᠲᠤᠰᠬᠠᠢ ᠵᠥᠪᠰᠢᠶᠡᠷᠡᠯ ᠊ᠢ ᠨᠢ ᠴᠤᠴᠠᠯᠠᠨ᠎ᠠ ᠭᠡᠰᠡᠨ ᠵᠦᠢᠯ ᠪᠠᠢᠢᠬᠤ ᠦᠭᠡᠢ ᠃ ᠪᠠᠬᠰᠢ ᠦᠭᠡᠢ᠂ ᠤᠶᠤᠲᠠᠨ ᠦᠭᠡᠢ ᠪᠣᠯᠴᠢᠬᠠᠬᠰᠠᠨ ᠰᠤᠷᠭᠠᠭᠤᠯᠢ ᠨᠤᠭᠤᠳ ᠊ᠢ ᠬᠠᠭᠠᠨ᠎ᠠ᠃ ᠰᠢᠭᠤᠳ ᠬᠠᠮᠢᠭ᠎ᠠ ᠭᠡᠬᠦ ᠡᠴᠡ ᠪᠡᠨ ᠢᠯᠡᠭᠦᠦ ᠲᠠᠢ ᠡᠳ᠋ ᠦ᠋ᠨ ᠵᠠᠰᠠᠭ ᠦ᠋ᠨ ᠠᠷᠭ᠎ᠠ ᠪᠡᠷ ᠪᠤᠶᠤ ᠬᠤᠭᠤᠷᠤᠨᠳᠤ ᠨᠢ ᠨᠢᠭᠡᠳᠬᠡᠬᠦ ᠂ ᠣᠶᠤᠲᠠᠨ ᠨᠤᠭᠤᠳ ᠊ᠢ ᠰᠢᠯᠵᠢᠭᠦᠯᠦᠨ ᠰᠤᠷᠤᠯᠴᠠᠭᠤᠯᠤᠨ᠎ᠠ ᠃

ᠬᠥᠳᠡᠭᠡ ᠠᠵᠤ ᠠᠬᠤᠢ ᠵᠢᠨ ᠶᠡᠬᠡ ᠰᠤᠷᠭᠠᠭᠤᠯᠢ ᠵᠢ ᠢᠷᠡᠬᠦ ᠵᠢᠯ ᠳᠠᠷᠬᠠᠨ ᠤᠷᠤᠭᠤ ᠨᠡᠭᠦᠯᠭᠡᠨ᠎ᠡ᠃ ᠲᠤᠰ ᠰᠤᠷᠭᠠᠭᠤᠯᠢ ᠵᠢᠨ ᠳᠥᠷᠪᠡᠨ ᠬᠥᠲᠦᠯᠪᠦᠷᠢ ᠵᠢ ᠳᠠᠷᠬᠠᠨ ᠪ ᠰᠤᠷᠭᠠᠭᠤᠯᠢ ᠤᠷᠤᠭᠤ ᠰᠢᠯᠵᠢᠭᠦᠯᠦᠨ᠂ ᠥᠩᠭᠡᠷᠡᠭᠰᠡᠨ ᠬᠤᠶᠠᠷ ᠵᠢᠯ ᠲᠡᠷᠡ ᠴᠢᠭᠯᠡᠯ ᠳ᠋ᠦ ᠡᠯᠰᠡᠯᠲᠡ ᠠᠪᠤᠭ᠎ᠠ ᠦᠭᠡᠢ ᠃ ᠰᠢᠨᠵᠢᠯᠡᠬᠦ ᠤᠬᠠᠭᠠᠨ ᠲᠧᠭᠨᠤᠯᠤᠬᠢ ᠵᠢᠨ ᠶᠡᠬᠡ ᠰᠤᠷᠭᠠᠭᠤᠯᠢ ᠵᠢ ᠡᠷᠳᠡᠨᠢᠲᠦ ᠦᠢᠯᠡᠳᠪᠦᠷᠢ ᠳ᠋ᠦ ᠲᠦᠰᠢᠭᠯᠡᠨ ᠡᠷᠳᠡᠨᠢᠲᠦ ᠬᠤᠲᠠ ᠤᠷᠤᠭᠤ ᠰᠢᠯᠵᠢᠭᠦᠯᠦᠨ᠎ᠡ᠃ ᠮᠥᠨ ᠬᠤᠪᠲᠤ᠂ ᠳᠤᠷᠤᠨᠠᠲᠤ ᠳᠦ ᠪᠣᠯᠪᠠᠰᠤᠷᠠᠯ᠂ ᠡᠷᠡᠭᠦᠯ ᠮᠡᠨᠳᠦ᠂ ᠨᠡᠢᠢᠭᠡᠮ ᠤᠨ ᠴᠢᠭᠯᠡᠯ ᠤᠨ ᠰᠤᠷᠭᠠᠭᠤᠯᠢ ᠪᠠᠨ ᠰᠢᠯᠵᠢᠭᠦᠯᠬᠦ ᠂ ᠳᠤᠷᠤᠨᠠᠭᠤᠪᠢ ᠪᠣᠯᠤᠨ ᠭᠤᠪᠢ ᠵᠢᠨ ᠠᠢᠢᠮᠠᠭ ᠤᠷᠤᠭᠤ ᠠᠭᠤᠯᠠ ᠠᠭᠤᠷᠬᠠᠢ ᠵᠢᠨ ᠰᠤᠷᠭᠠᠭᠤᠯᠢ ᠪᠠᠨ ᠭᠠᠷᠭᠠᠶ᠎ᠠ ᠭᠡᠰᠡᠨ ᠪᠣᠳᠤᠯᠭ᠎ᠠ ᠲᠠᠢ ᠪᠠᠷ ᠲᠧᠭᠨᠢᠭ᠂ ᠡᠳ᠋ ᠤᠨ ᠵᠠᠰᠠᠭ ᠤᠨ ᠦᠨᠳᠦᠰᠦᠯᠡᠯ ᠪᠣᠯᠪᠠᠰᠤᠷᠠᠭᠤᠯᠤᠨ ᠢᠷᠡᠬᠦ ᠵᠢᠯ ᠡᠴᠡ ᠠᠵᠢᠯ ᠬᠡᠷᠡᠭ ᠪᠣᠯᠭᠠᠨ᠎ᠠ ᠭᠡᠯ᠎ᠡ ᠃

ᠰᠡᠳᠬᠢᠭᠳᠡᠯ ᠦᠯᠡᠳᠡᠭᠡᠬᠦ