ᠵᠠᠮ  ᠤᠨ ᠲᠦᠭᠵᠢᠷᠡᠯ  ᠤᠨ ᠠᠰᠠᠭᠤᠳᠠᠯ ᠊ᠢ ᠶᠡᠬᠡ ᠬᠤᠷᠠᠯ  ᠢᠶᠠᠷ ᠬᠡᠯᠡᠯᠴᠡᠭᠦᠯᠦᠨ᠎ᠡ | News.MN

ᠵᠠᠮ  ᠤᠨ ᠲᠦᠭᠵᠢᠷᠡᠯ  ᠤᠨ ᠠᠰᠠᠭᠤᠳᠠᠯ ᠊ᠢ ᠶᠡᠬᠡ ᠬᠤᠷᠠᠯ  ᠢᠶᠠᠷ ᠬᠡᠯᠡᠯᠴᠡᠭᠦᠯᠦᠨ᠎ᠡ

ᠨᠡᠢᠢᠰᠯᠡᠯ  ᠤᠨ ᠢᠷᠭᠡᠳ  ᠤᠨ ᠲᠥᠯᠦᠭᠡᠯᠡᠭᠴᠢᠳ  ᠤᠨ ᠬᠤᠷᠠᠯ  ᠤᠨ ᠠᠩᠬᠠᠳᠤᠭᠠᠷ ᠬᠤᠷᠠᠯᠳᠤᠭᠠᠨ ᠵᠢᠨᠷ ᠤᠯᠤᠰ  ᠤᠨ ᠶᠡᠬᠡ ᠬᠤᠷᠠᠯ  ᠤᠨ ᠭᠡᠰᠢᠭᠦᠨ ᠳ᠋᠊·ᠰᠤᠮᠢᠶᠠᠪᠠᠽᠠᠷ ᠢ ᠬᠤᠲᠠ ᠵᠢᠨ ᠳᠠᠷᠤᠭ᠎ᠠ ᠳ᠋ᠤ ᠲᠤᠮᠢᠯᠠᠬᠤ ᠮᠤᠩᠭᠤᠯ ᠠᠷᠠᠳ ᠤᠨ ᠨᠠᠮ ᠤᠨ ᠤᠳᠤᠷᠢᠳᠬᠤ ᠵᠥᠪᠯᠡᠯ ᠤᠨ ᠰᠠᠨᠠᠯ ᠊ᠢ 71.1 ᠬᠤᠪᠢ ᠵᠢᠨ ᠰᠠᠨᠠᠯ ᠵᠢᠨᠷ ᠳᠡᠮᠵᠢᠯ᠎ᠡ ᠃ ᠡᠨᠡ ᠰᠠᠨᠠᠯ ᠊ᠢ ᠶᠡᠷᠦᠩᠬᠡᠢ ᠰᠠᠢᠢᠳ ᠤ᠊ · ᠬᠦᠷᠡᠯᠰᠦ᠋ᠬᠡ ᠳ᠋ᠦ ᠡᠷᠭᠦᠨ ᠪᠠᠷᠢᠵᠤ ᠂ ᠶᠡᠷᠦᠩᠬᠡᠢ ᠰᠠᠢᠢᠳ ᠪᠠᠲᠤᠯᠠᠮᠵᠢᠯᠠᠬᠤ ᠶᠤᠮ ᠃

ᠬᠤᠷᠠᠯ  ᠤᠨ ᠳᠠᠷᠠᠭ᠎ᠠ ᠳ᠋᠊·ᠰᠤᠮᠢᠶᠠᠪᠠᠽᠠᠷ ᠰᠡᠳᠬᠦᠯᠴᠢᠳ ᠲᠦ ᠮᠡᠳᠡᠭᠡᠯᠡᠯ ᠥᠭᠬᠦ ᠳ᠋ᠦ ᠪᠡᠨ  ᠄ ᠨᠡᠢᠢᠰᠯᠡᠯ ᠦᠨ ᠢᠷᠭᠡᠳ ᠤᠨ ᠲᠥᠯᠦᠭᠡᠯᠡᠭᠴᠢᠳ ᠤᠨ ᠬᠤᠷᠠᠯ ᠢᠶᠠᠷ ᠨᠠᠮᠠᠶᠢ ᠬᠠᠤᠯᠢ ᠵᠥᠷᠢᠴᠡᠭᠰᠡᠨ ᠭᠡᠬᠦ ᠠᠰᠠᠭᠤᠳᠠᠯ ᠨᠡᠯᠢᠶᠡᠨ ᠶᠠᠷᠢᠬᠳᠠᠯ᠎ᠠ᠃ ᠪᠢ ᠬᠠᠤᠯᠢ ᠵᠥᠷᠢᠴᠡᠵᠦ᠂ ᠨᠡᠷ᠎ᠡ ᠳᠡᠪᠰᠢᠭᠰᠡᠨ ᠠᠰᠠᠭᠤᠳᠠᠯ ᠣᠬᠲᠣ ᠪᠠᠢᠢᠬᠤ ᠦᠭᠡᠢ᠃ ᠨᠡᠷ᠎ᠡ ᠳᠡᠪᠰᠢᠬᠦ ᠫᠷᠦᠼᠸᠰᠰ ᠶᠠᠪᠤᠵᠤ ᠪᠠᠢᠢᠭ᠎ᠠ᠃ ᠬᠤᠷᠠᠯᠳᠤᠭᠠᠨ ᠡᠴᠠ ᠭᠠᠷᠤᠬᠰᠠᠨ ᠰᠢᠢᠳᠪᠦᠷᠢ ᠵᠢ ᠶᠡᠷᠦᠩᠬᠡᠢ ᠰᠠᠢᠢᠳ ᠲᠤ ᠠᠯᠪᠠᠨ ᠶᠤᠰᠣ ᠪᠡᠷ ᠬᠦᠷᠭᠡᠭᠦᠯᠬᠦ ᠪᠠᠢᠬᠤ᠃ ᠢᠷᠡᠬᠦ ᠳᠤᠯᠤᠭ᠎ᠠ ᠬᠤᠨᠤᠭ ᠲᠦ ᠪᠡᠨ ᠬᠤᠲᠠ ᠵᠢᠨ ᠳᠠᠷᠤᠭ᠎ᠠ ᠵᠢ ᠪᠠᠲᠤᠯᠠᠮᠵᠢᠯᠠᠬᠤ ᠠᠰᠠᠭᠤᠳᠠᠯ ᠶᠠᠷᠢᠬᠳᠠᠵᠤ ᠪᠠᠢᠢᠬᠤ ᠭᠡᠵᠦ ᠪᠣᠳᠤᠵᠤ ᠪᠠᠢᠢᠨ᠎ᠠ ᠃ ᠭᠡᠬᠦ ᠳ᠋ᠦ ᠪᠡᠨ ᠡᠨᠡ ᠪᠣᠯ ᠶᠡᠷᠦᠩᠬᠡᠢ ᠰᠠᠢᠢᠳ ᠤᠨ ᠪᠦᠷᠢᠨ ᠡᠷᠬᠡ ᠵᠢᠨ ᠠᠰᠠᠭᠤᠳᠠᠯ ᠃ ᠪᠢ ᠤᠯᠤᠰ ᠤᠨ ᠶᠡᠬᠡ ᠬᠤᠷᠠᠯ ᠤᠨ ᠳᠠᠷᠤᠭ᠎ᠠ ᠳ᠋ᠤ ᠡᠷᠭᠦᠳᠡᠯ ᠵᠢᠨᠨ ᠥᠭᠬᠦ ᠪᠡᠷ ᠠᠭᠤᠯᠵᠠᠯᠲᠠ ᠵᠢᠨ ᠴᠠᠭ ᠠᠪᠤᠬᠰᠠᠨ ᠪᠠᠢᠢᠭ᠎ᠠ ᠃ ᠲᠡᠭᠡᠬᠦ ᠪᠡᠷ ᠬᠠᠤᠯᠢ ᠵᠥᠷᠢᠴᠡᠭᠰᠡᠨ ᠭᠡᠵᠦ ᠮᠠᠷᠭᠤᠭᠠᠳ ᠪᠠᠢᠢᠬᠤ ᠶᠠᠭᠤᠮ᠎ᠠ ᠪᠠᠢᠢᠬᠤ ᠦᠭᠡᠢ ᠃

ᠬᠤᠶᠠᠳᠤᠭᠠᠷ ᠲᠤ᠂ ᠬᠤᠲᠠ ᠵᠢᠨ ᠳᠠᠷᠤᠭ᠎ᠠ ᠪᠡᠷ ᠲᠤᠮᠢᠯᠠᠬᠳᠠᠪᠠᠯ ᠬᠠᠮᠤᠭ ᠤᠨ ᠲᠦᠷᠦᠭᠦᠨ ᠵᠠᠮ ᠤᠨ ᠲᠦᠭᠵᠢᠷᠡᠯ ᠊ᠢ ᠰᠢᠢᠳᠬᠦ ᠵᠢᠨ ᠲᠥᠯᠦᠭᠡ ᠠᠵᠢᠯᠯᠠᠨ᠎ᠠ᠃ ᠡᠨᠡ ᠠᠰᠠᠭᠤᠳᠠᠯ ᠊ᠢ ᠤᠯᠤᠰ ᠤᠨ ᠶᠡᠬᠡ ᠬᠤᠷᠠᠯ ᠤᠨ ᠲᠦᠪᠰᠢᠨ ᠳ᠋ᠦ ᠬᠤᠯᠪᠣᠬᠳᠠᠬᠤ ᠬᠠᠤᠯᠢ ᠡᠷᠬᠡ ᠵᠦᠢ ᠵᠢᠨ ᠲᠠᠯ᠎ᠠ ᠡᠴᠠ ᠵᠤᠬᠢᠴᠠᠭᠤᠯᠤᠯᠲᠠ ᠬᠢᠨ᠎ᠡ ᠃ ᠵᠠᠰᠠᠭ ᠤᠨ ᠭᠠᠵᠠᠷ ᠤᠨ ᠲᠦᠪᠰᠢᠨ ᠳ᠋ᠦ ᠶᠠᠮᠠᠷ ᠴᠢᠭᠯᠡᠯ ᠥᠭᠴᠦ ᠠᠵᠢᠯᠯᠠᠬᠤ ᠡᠴᠠ ᠭᠠᠳᠠᠨ᠎ᠠ ᠨᠡᠢᠢᠰᠯᠡᠯ ᠂ ᠣᠷᠤᠨ ᠨᠤᠲᠤᠭ ᠲᠠᠢ ᠬᠡᠷᠬᠢᠨ ᠬᠠᠮᠲᠤᠷᠠᠨ ᠠᠵᠢᠯᠯᠠᠬᠤ ᠲᠠᠯ᠎ᠠ ᠪᠡᠷ ᠬᠡᠯᠡᠯᠴᠡᠨ᠎ᠡ ᠭᠡᠪᠡ ᠃

ᠰᠡᠳᠬᠢᠭᠳᠡᠯ ᠦᠯᠡᠳᠡᠭᠡᠬᠦ