ᠮᠤᠩᠭᠤᠯ ᠤᠯᠤᠰ ᠤᠨ ᠶᠡᠷᠦᠩᠬᠡᠢᠢᠯᠡᠭᠴᠢ ᠂ ᠵᠡᠪᠰᠡᠭᠲᠦ ᠬᠦᠴᠦᠨ ᠪ ᠶᠡᠷᠦᠩᠬᠡᠢ ᠺᠣᠮᠠᠨᠳᠠᠯᠠᠬᠴᠢ ᠬᠠᠯᠲᠠᠮ᠎ᠠ ᠵᠢᠨ ᠪᠠᠲᠤᠲᠤᠯᠭ᠎ᠠ ᠥᠨᠦᠳᠦᠷ ᠮᠤᠩᠭᠤᠯ ᠤᠯᠤᠰ᠂ ᠬᠤᠯᠪᠣᠭᠠᠨ ᠪ ᠪᠦᠭᠦᠳᠡ ᠨᠠᠢᠢᠷᠠᠮᠳᠠᠬᠤ ᠭᠧᠷᠮᠠᠨ ᠤᠯᠤᠰ ᠦᠨ ᠵᠡᠪᠰᠡᠭᠲᠦ ᠬᠦᠴᠦᠨ ᠪ ᠬᠠᠮᠲᠤᠷᠠᠬᠰᠠᠨ ᠠᠭᠤᠯᠠ ᠵᠢᠨ ᠶᠠᠪᠠᠭᠠᠨ ᠴᠡᠷᠢᠭ ᠤᠨ ᠳᠤᠮᠳᠠ ᠱᠠᠲᠤᠨ ᠪ ᠰᠤᠷᠭᠠᠯᠲᠠ ᠵᠢᠨ ᠦᠢᠯᠡ ᠠᠵᠢᠯᠯᠠᠭ᠎ᠠ ᠲᠠᠢ ᠲᠠᠨᠢᠯᠴᠠᠯ᠎ᠠ ᠃ ᠲᠤᠰ ᠰᠤᠷᠭᠠᠯᠲᠠ ᠨᠢ ᠪᠠᠢᠢᠭᠤᠯᠤᠬᠳᠠᠭᠠᠳ ᠳᠥᠷᠪᠡᠨ ᠵᠢᠯ ᠪᠣᠯᠵᠤ ᠪᠤᠢ ᠪᠦᠭᠡᠳ ᠮᠤᠩᠭᠤᠯ ᠤᠯᠤᠰ ᠦᠨ ᠵᠡᠪᠰᠡᠭᠲᠦ ᠬᠦᠴᠦᠨ ᠪ ᠠᠭᠤᠯᠠ ᠵᠢᠨ ᠲᠤᠰᠬᠠᠢ ᠪᠠᠲᠯᠢᠶᠤᠨ ᠪᠤᠶᠤ 331 ᠳ᠋ᠤᠭᠡᠷ ᠠᠩᠬᠢ ᠵᠢᠨ ᠠᠯᠪᠠ ᠬᠠᠭᠠᠬᠴᠢᠳ ᠊ᠢ ᠳᠠᠳᠤᠯᠭᠠᠵᠢᠭᠤᠯᠬᠤ ᠂ ᠲᠡᠳᠡᠨ ᠊ᠢ ᠪᠡᠶ᠎ᠡ ᠳᠠᠭᠠᠭᠠᠨ ᠠᠭᠤᠯᠠ ᠵᠢᠨ ᠰᠤᠷᠭᠠᠯᠲᠠ ᠶᠠᠪᠤᠭᠤᠯᠬᠤ ᠨᠥᠬᠥᠴᠡᠯ ᠊ᠢ ᠪᠦᠷᠢᠳᠦᠭᠦᠯᠬᠦ ᠂ ᠠᠭᠤᠯᠠ ᠵᠢᠨ ᠴᠢᠭᠯᠡᠯ ᠵᠢᠨᠷ ᠮᠡᠷᠭᠡᠰᠢᠭᠦᠯᠬᠦ ᠠᠴᠢ ᠬᠤᠯᠪᠣᠬᠳᠠᠯ ᠲᠠᠢ ᠶᠤᠮ ᠃
ᠠᠭᠤᠯᠠ ᠵᠢᠨ ᠶᠠᠪᠠᠭᠠᠨ ᠴᠡᠷᠢᠭ ᠤᠨ ᠠᠩᠬᠠᠨ ᠪ ᠰᠤᠷᠭᠠᠯᠲᠠ ᠵᠢ 2019 ᠣᠨ ᠪ ᠲᠠᠪᠤᠳᠤᠭᠠᠷ ᠰᠠᠷ᠎ᠠ ᠵᠢᠨ 15 – 23 ᠳᠤ ᠭᠧᠷᠮᠠᠨ ᠤᠯᠤᠰ ᠲᠤ ᠵᠤᠬᠢᠶᠠᠨ ᠪᠠᠢᠢᠭᠤᠯᠵᠤ ᠂ ᠵᠡᠪᠰᠡᠭᠲᠦ ᠬᠦᠴᠦᠨ ᠪ ᠠᠭᠤᠯᠠ ᠵᠢᠨ ᠲᠤᠰᠬᠠᠢ ᠪᠠᠲ᠋ᠯᠢᠶᠤᠨ ᠪ 4 ᠴᠡᠷᠢᠭ ᠤᠨ ᠠᠯᠪᠠ ᠬᠠᠭᠠᠬᠴᠢ ᠠᠵᠢᠬᠯᠠᠬᠴᠢ ᠵᠢᠨ ᠰᠲ᠋ᠠᠲ᠋ᠦ᠋ᠰ ᠲᠠᠢ ᠣᠷᠤᠯᠴᠠᠨ ᠲᠤᠷᠰᠢᠯᠭ᠎ᠠ ᠬᠤᠷᠠᠮᠳᠤᠯᠠᠭᠤᠯᠵᠠᠢ ᠃ ᠤᠯᠠᠮ ᠵᠢᠨᠷ ᠵᠡᠪᠰᠡᠭᠲᠦ ᠬᠦᠴᠦᠨ ᠪ ᠠᠭᠤᠯᠠ ᠵᠢᠨ ᠲᠤᠰᠬᠠᠢ ᠪᠠᠲ᠋ᠯᠢᠶᠤᠨ᠂ ᠬᠤᠯᠪᠣᠭᠠᠨ ᠪ ᠪᠦᠭᠦᠳᠡ ᠨᠠᠢᠢᠷᠠᠮᠳᠠᠬᠤ ᠭᠧᠷᠮᠠᠨ ᠤᠯᠤᠰ ᠤᠨ ᠠᠭᠤᠯᠠ ᠵᠢᠨ ᠶᠠᠪᠠᠭᠠᠨ ᠴᠡᠷᠢᠭ ᠤᠨ 23 ᠳ᠋ᠤᠭᠠᠷ ᠪᠠᠷᠢᠭᠠᠳᠠ ᠵᠢᠨ ᠰᠤᠷᠭᠠᠯᠲᠠ ᠵᠢᠨ ᠬᠥᠳᠡᠯᠭᠡᠭᠡᠨ ᠲᠠᠢ ᠪᠦᠯᠦᠭ ᠲᠠᠢ ᠬᠠᠮᠲᠤᠷᠠᠨ ᠠᠩᠬᠠᠨ ᠱᠠᠲᠤᠨ ᠪ ᠰᠤᠷᠭᠠᠯᠲᠠ ᠵᠢ 2019 ᠣᠨ ᠪ ᠶᠢᠰᠦᠳᠦᠭᠡᠷ ᠰᠠᠷ᠎ᠠ ᠵᠢᠨ 30 ᠡᠴᠠ ᠠᠷᠪᠠᠳᠤᠭᠠᠷ ᠰᠠᠷ᠎ᠠ ᠵᠢᠨ 24 ᠪ ᠡᠳᠦᠷ ᠤᠳ ᠲᠦ ᠮᠤᠩᠭᠤᠯ ᠤᠯᠤᠰ ᠲᠤ ᠪᠤᠶᠤ ᠵᠡᠪᠰᠡᠭᠲᠦ ᠬᠦᠴᠦᠨ ᠪ ᠰᠤᠷᠭᠠᠯᠲᠠ ᠵᠢᠨ ᠨᠢᠭᠡᠳᠦᠭᠰᠡᠨ ᠲᠥᠪ ᠲᠦ ᠵᠤᠬᠢᠶᠠᠨ ᠪᠠᠢᠢᠭᠤᠯᠵᠤ ᠂ 60 ᠴᠡᠷᠢᠭ ᠤᠨ ᠠᠯᠪᠠ ᠬᠠᠭᠠᠬᠴᠢ ᠣᠷᠤᠯᠴᠠᠬᠰᠠᠨ ᠪᠠᠢᠢᠨ᠎ᠠ ᠃
ᠬᠠᠷᠢᠨ ᠡᠨᠡ ᠤᠳᠠᠭᠠᠨ ᠪ ᠪᠤᠶᠤ ᠳᠤᠮᠳᠠ ᠱᠠᠲᠤᠨ ᠪ ᠰᠤᠷᠭᠠᠯᠲᠠ ᠵᠢ 2020 ᠣᠨ ᠪ ᠠᠷᠪᠠᠳᠤᠭᠠᠷ ᠰᠠᠷ᠎ᠠ ᠵᠢᠨ 2 – 30 ᠪ ᠡᠳᠦᠷ ᠤᠳ ᠲᠦ ᠵᠡᠪᠰᠡᠭᠲᠦ ᠬᠦᠴᠦᠨ ᠪ ᠰᠤᠷᠭᠠᠯᠲᠠ ᠵᠢᠨ ᠨᠢᠭᠡᠳᠦᠭᠰᠡᠨ ᠲᠥᠪ ᠲᠦ ︽ᠠᠭᠤᠯᠠ ᠵᠢᠨ ᠶᠠᠪᠠᠭᠠᠨ ᠴᠡᠷᠢᠭ ᠤᠨ ᠲᠠᠺᠲ᠋ᠢᠺ ᠠᠵᠢᠯᠯᠠᠭ᠎ᠠ – ᠫᠤᠤᠳᠠᠯᠭ᠎ᠠ︾᠂ ᠭᠤᠷᠤᠬ᠎ᠠ ᠲᠡᠷᠡᠯᠵᠢ ᠵᠢᠨ ᠪᠠᠢᠢᠭᠠᠯᠢ ᠵᠢᠨ ᠴᠤᠬᠴᠠᠯᠠᠪᠤᠷᠢᠲᠤ ᠭᠠᠵᠠᠷ ᠲᠤ︽ ᠲᠠᠺᠲ᠋ᠢᠺ ᠠᠵᠢᠯᠯᠠᠭ᠎ᠠ – ᠬᠠᠳᠠᠨ ᠠᠪᠠᠷᠢᠯᠲᠠ︾ᠰᠡᠳᠦᠪ ᠤᠨ ᠬᠦᠷᠢᠶᠡᠨ ᠳ᠋ᠦ ᠵᠤᠬᠢᠶᠠᠨ ᠪᠠᠢᠢᠭᠤᠯᠵᠤ ᠂ ᠬᠤᠶᠠᠷ ᠤᠯᠤᠰ ᠤᠨ 90 ᠴᠡᠷᠢᠭ ᠤᠨ ᠠᠯᠪᠠ ᠬᠠᠭᠠᠬᠴᠢ ᠣᠷᠤᠯᠴᠠᠵᠤ ᠪᠠᠢᠢᠨ᠎ᠠ ᠃