ᠨ᠊ · ᠠᠯᠲᠠᠨᠱᠠᠭ᠎ᠠ ᠬᠤᠲᠠ ᠵᠢᠨ ᠳᠠᠷᠤᠭ᠎ᠠ ᠪᠣᠯᠬᠤ ᠦᠦ | News.MN

ᠨ᠊ · ᠠᠯᠲᠠᠨᠱᠠᠭ᠎ᠠ ᠬᠤᠲᠠ ᠵᠢᠨ ᠳᠠᠷᠤᠭ᠎ᠠ ᠪᠣᠯᠬᠤ ᠦᠦ

 

ᠨᠡᠢᠢᠰᠯᠡᠯ  ᠤᠨ ᠢᠷᠭᠡᠳ ᠤᠨ ᠲᠥᠯᠦᠭᠡᠯᠡᠭᠴᠢᠳ ᠤᠨ ᠬᠤᠷᠠᠯ   ᠤᠨ ᠰᠤᠩᠭᠤᠭᠤᠯᠢ ᠥᠩᠭᠡᠷᠡᠭᠴᠢ ᠳᠤᠯᠤᠭ᠎ᠠ ᠬᠤᠨᠤᠭ ᠲᠤ ᠪᠣᠯᠵᠤ ᠥᠨᠳᠦᠷᠯᠡᠯ᠎ᠡ ᠃ ᠰᠤᠩᠭᠤᠭᠤᠯᠢ ᠮᠤᠩᠭᠤᠯ ᠠᠷᠠᠳ ᠤᠨ ᠨᠠᠮ 34 ᠰᠠᠭᠤᠳᠠᠯ ᠠᠪᠴᠤ ᠦᠨᠡᠮᠯᠡᠬᠦᠢ ᠢᠯᠠᠯᠲᠠ ᠪᠠᠢᠢᠭᠤᠯᠤᠬᠰᠠᠨ ᠃ ᠡᠢᠢᠮᠦ ᠳ᠋ᠦ ᠮᠤᠩᠭᠤᠯ ᠠᠷᠠᠳ ᠤᠨ ᠨᠠᠮ ᠡᠴᠠ ᠨᠡᠢᠢᠰᠯᠡᠯ ᠤᠨ ᠢᠷᠭᠡᠳ ᠤᠨ ᠲᠥᠯᠦᠭᠡᠯᠡᠭᠴᠢᠳ ᠤᠨ ᠬᠤᠷᠠᠯ ᠤᠨ ᠳᠠᠷᠤᠭ᠎ᠠ ᠪᠣᠯᠤᠭᠠᠳ ᠤᠯᠠᠭᠠᠨᠪᠠᠭᠠᠲᠤᠷ ᠬᠤᠲᠠ ᠵᠢᠨ ᠵᠠᠬᠢᠷᠤᠬᠴᠢ ᠵᠢ ᠲᠤᠮᠢᠯᠠᠨ᠎ᠠ ᠃

ᠲᠤᠮᠢᠯᠠᠯᠭᠠᠨ ᠳ᠋ᠤ ᠤᠯᠤᠰ ᠤᠨ ᠶᠡᠬᠡ ᠬᠤᠷᠠᠯ ᠤᠨ ᠭᠡᠰᠢᠭᠦᠨ᠂ ᠨᠡᠢᠢᠰᠯᠡᠯ ᠤᠨ ᠮᠤᠩᠭᠤᠯ ᠠᠷᠠᠳ ᠤᠨ ᠨᠠᠮ ᠤᠨ ᠬᠤᠷᠢᠶᠠᠨ ᠪ ᠳᠠᠷᠤᠭ᠎ᠠ ᠳ᠋᠊ · ᠰᠤᠮᠢᠶᠠᠪᠠᠽᠠᠷ ᠨᠡᠯᠢᠶᠡᠳ ᠦᠭᠡᠢ ᠣᠷᠤᠯᠴᠠᠬᠤ ᠪᠣᠯᠤᠯᠲᠠᠢ ᠃ ᠲᠤᠳᠤᠷᠠᠭᠤᠯᠪᠠᠯ ᠂ ᠲᠡᠷᠡ ᠪᠡᠷ ᠤᠯᠠᠭᠠᠨᠪᠠᠭᠠᠲᠤᠷ ᠬᠤᠲᠠ ᠵᠢᠨ ᠳᠠᠷᠤᠭ᠎ᠠ ᠳᠤ ᠨᠡᠢᠢᠰᠯᠡᠯ ᠤᠨ ᠮᠤᠩᠭᠤᠯ ᠠᠷᠠᠳ ᠤᠨ ᠨᠠᠮ ᠤᠨ ᠳᠡᠳ᠋ ᠳᠠᠷᠤᠭ᠎ᠠ ᠨ᠊ · ᠠᠯᠲᠠᠨᠱᠠᠭ᠎ᠠ ᠪᠣᠯᠤᠨ ᠰᠤᠩᠭᠤᠭᠤᠯᠢ ᠵᠢᠨ 8 ᠳ᠋ᠤᠭᠠᠷ ᠲᠤᠭᠤᠷᠢᠭ ᠲᠤ ᠢᠯᠠᠯᠲᠠ ᠪᠠᠢᠢᠭᠤᠯᠤᠬᠰᠠᠨ ᠪ᠊ · ᠰᠦᠬᠡᠪᠠᠭᠠᠲᠤᠷ ᠊ᠢ ᠰᠠᠨᠠᠯ ᠪᠣᠯᠭᠠᠵᠤ ᠪᠠᠢᠢᠭ᠎ᠠ ᠪᠣᠯᠤᠯᠲᠠᠢ ᠃ ᠬᠠᠷᠢᠨ ᠣᠳᠣ ᠵᠢᠨ ᠢᠷᠭᠡᠳ ᠤᠨ ᠲᠥᠯᠦᠭᠡᠯᠡᠭᠴᠢᠳ ᠤᠨ ᠬᠤᠷᠠᠯ ᠤᠨ ᠳᠠᠷᠤᠭ᠎ᠠ ᠳᠠᠬᠪᠠ ᠮᠥᠨ ᠬᠤᠲᠠ ᠵᠢᠨ ᠵᠠᠬᠢᠷᠤᠬᠴᠢ ᠪᠣᠯᠬᠤ ᠬᠦᠰᠡᠯ ᠲᠠᠢ ᠪᠠᠢᠢᠭ᠎ᠠ ᠴᠦ ᠂ ᠲᠡᠷᠡ ᠪᠡᠷ ᠢᠷᠭᠡᠳ ᠤᠨ ᠲᠥᠯᠦᠭᠡᠯᠡᠭᠴᠢᠳ ᠤᠨ ᠬᠤᠷᠠᠯ ᠤᠨ ᠳᠠᠷᠤᠭ᠎ᠠ ᠵᠢᠨ ᠠᠯᠪᠠᠨ ᠲᠤᠰᠢᠶᠠᠯ ᠳ᠋ᠤ ᠪᠠᠨ ᠦᠯᠡᠳᠡᠬᠦ ᠲᠤᠬᠢᠷᠠᠭ᠎ᠠ ᠬᠢᠭᠰᠡᠨ ᠭᠡᠬᠦ ᠮᠡᠳᠡᠭᠡᠯᠡᠯ ᠪᠠᠢᠢᠨ᠎ᠠ ᠃

ᠰᠡᠳᠬᠢᠭᠳᠡᠯ ᠦᠯᠡᠳᠡᠭᠡᠬᠦ