ᠮᠤᠩᠭᠤᠯ ᠂ ᠹᠷᠠᠨᠼᠢ ᠵᠢᠨ ᠪᠢᠽᠢᠨᠧᠰ ᠠᠭᠤᠯᠵᠠᠯᠲᠠ ᠬᠥᠳᠡᠭᠡ ᠠᠵᠤ ᠠᠬᠤᠢ ᠵᠢᠨ ᠰᠠᠯᠪᠤᠷᠢ ᠵᠢ ᠣᠨᠢᠯᠠᠵᠠᠢ  | News.MN

ᠮᠤᠩᠭᠤᠯ ᠂ ᠹᠷᠠᠨᠼᠢ ᠵᠢᠨ ᠪᠢᠽᠢᠨᠧᠰ ᠠᠭᠤᠯᠵᠠᠯᠲᠠ ᠬᠥᠳᠡᠭᠡ ᠠᠵᠤ ᠠᠬᠤᠢ ᠵᠢᠨ ᠰᠠᠯᠪᠤᠷᠢ ᠵᠢ ᠣᠨᠢᠯᠠᠵᠠᠢ 

 

ᠮᠤᠩᠭᠤᠯ᠂ ᠹᠷᠠᠨᠼᠢ ᠤᠯᠤᠰ ᠦᠨ ᠬᠤᠭᠤᠷᠤᠨᠳᠤ ᠳ᠋ᠢᠫᠯᠤᠮᠠᠲ ᠬᠠᠷᠢᠯᠴᠠᠭ᠎ᠠ ᠲᠤᠬᠲᠠᠭᠠᠬᠰᠠᠨ ᠪ 55 ᠵᠢᠯ ᠤᠨ ᠣᠢ ᠵᠢᠨ ᠬᠦᠷᠢᠶᠡᠨ ᠳ᠋ᠦ ᠮᠤᠩᠭᠤᠯ ᠤᠨ ᠦᠨᠳᠦᠰᠦᠨ ᠪ ᠬᠤᠳᠠᠯᠳᠤᠭ᠎ᠠ ᠠᠵᠤ ᠦᠢᠯᠡᠳᠪᠦᠷᠢ ᠵᠢᠨ ᠲᠠᠩᠬᠢᠮ ᠂ ᠹᠷᠠᠨᠼᠢ ᠵᠢᠨ ᠠᠵᠢᠯ ᠣᠯᠭᠤᠬᠴᠢ ᠡᠵᠡᠳ ᠤᠨ ᠨᠢᠭᠡᠳᠦᠭᠰᠡᠨ ᠬᠤᠯᠪᠣᠭᠠᠨ︵ MEDEF ︶ᠪ  ᠳᠡᠷᠭᠡᠳᠡᠬᠢ ᠹᠷᠠᠨᠼᠢ᠂ ᠮᠤᠩᠭᠤᠯ ᠦᠨ ᠪᠢᠽᠢᠨᠧᠰ ᠤᠨ ᠵᠥᠪᠯᠡᠯ ᠬᠠᠮᠲᠤᠷᠠᠨ ︽ᠮᠤᠩᠭᠤᠯ ᠹᠷᠠᠨᠼᠢ ᠵᠢᠨ ᠴᠠᠬᠢᠮ ᠪᠢᠽᠢᠨᠧᠰ ᠠᠭᠤᠯᠵᠠᠯᠲᠠ ︾ ᠶᠢ ᠵᠤᠬᠢᠶᠠᠨ ᠪᠠᠢᠢᠭᠤᠯᠬᠤ ᠭᠡᠵᠦ ᠪᠠᠢᠢᠨ᠎ᠠ ᠃

ᠠᠭᠤᠯᠵᠠᠯᠲᠠ ᠪᠡᠷ ᠹᠷᠠᠨᠼᠢ ᠵᠢᠨ ᠪᠢᠽᠢᠨᠧᠰ ᠤᠨ ᠲᠥᠯᠦᠭᠡᠯᠡᠭᠴᠢᠳ ᠮᠠᠨ ᠪ ᠤᠯᠤᠰ  ᠤᠨ ᠡᠳ᠋ ᠤᠨ ᠵᠠᠰᠠᠭ ᠤᠨ ᠴᠢᠭ ᠬᠠᠨᠳᠤᠯᠭ᠎ᠠ ᠂ ᠬᠥᠷᠦᠩᠭᠡ ᠣᠷᠤᠭᠤᠯᠤᠯᠲᠠ ᠵᠢᠨ ᠣᠷᠴᠢᠨ ᠂ ᠡᠳ᠋ ᠤᠨ ᠵᠠᠰᠠᠭ ᠤᠨ ᠲᠥᠯᠦᠪ ᠪᠠᠢᠢᠳᠠᠯ ᠪᠣᠯᠤᠨ ᠬᠥᠳᠡᠭᠡ ᠠᠵᠤ ᠠᠬᠤᠢ ᠴᠢᠭᠯᠡᠯ ᠵᠢᠨᠷ ᠪᠠᠷᠢᠮᠲᠠᠯᠠᠵᠤ ᠪᠤᠢ ᠲᠥᠷᠦ ᠵᠢᠨ ᠪᠣᠳᠤᠯᠭ᠎ᠠ ᠵᠢᠨ ᠲᠠᠯ᠎ᠠ ᠪᠡᠷ ᠮᠡᠳᠡᠭᠡᠯᠡᠯ ᠠᠪᠴᠤ ᠂ ᠬᠥᠳᠡᠭᠡ ᠠᠵᠤ ᠠᠬᠤᠢ ᠵᠢᠨ ᠴᠢᠭᠯᠡᠯ ᠵᠢᠨᠷ ᠦᠢᠯᠡ ᠠᠵᠢᠯᠯᠠᠭ᠎ᠠ ᠶᠠᠪᠤᠭᠤᠯᠳᠠᠭ ᠮᠤᠩᠭᠤᠯ ᠪᠢᠽᠢᠨᠧᠰ ᠡᠷᠬᠢᠯᠡᠭᠴᠢᠳ ᠲᠡᠢ ᠬᠠᠷᠢᠯᠴᠠᠭ᠎ᠠ ᠲᠤᠬᠲᠠᠭᠠᠬᠤ ᠂ ᠰᠠᠨᠠᠯ ᠰᠤᠯᠢᠯᠴᠠᠬᠤ ᠶᠤᠮ ᠃ ᠠᠭᠤᠯᠵᠠᠯᠲᠠ ᠳᠦ ᠹᠷᠠᠨᠼᠢ ᠡᠴᠠ Аdepta  Axema ᠬᠤᠯᠪᠣᠭᠠᠨ ᠪ ᠭᠠᠵᠠᠷ ᠲᠠᠷᠢᠶᠠᠯᠠᠩ ᠂  ᠰᠦ ᠰᠦᠨ ᠪᠦᠲᠦᠭᠡᠭᠳᠡᠬᠦᠨ ᠂ ᠮᠢᠬ᠎ᠠ ᠮᠢᠬᠠᠨ ᠪᠦᠲᠦᠭᠡᠭᠳᠡᠬᠦᠨ ᠂ ᠬᠥᠳᠡᠭᠡ ᠠᠵᠤ ᠠᠬᠤᠢ ᠵᠢᠨ ᠲᠤᠨᠤᠭ ᠲᠥᠬᠥᠭᠡᠷᠦᠮᠵᠢ ᠂ ᠬᠦᠨᠡᠰᠦ ᠪᠣᠯᠪᠠᠰᠤᠷᠠᠭᠤᠯᠬᠤ ᠦᠢᠯᠡᠳᠪᠦᠷᠢᠯᠡᠯ ᠤᠨ ᠴᠢᠭᠯᠡᠯ ᠵᠢᠨᠷ ᠦᠢᠯᠡ ᠠᠵᠢᠯᠯᠠᠭ᠎ᠠ ᠶᠠᠪᠤᠭᠤᠯᠳᠠᠭ ᠺᠣᠮᠫᠠᠨᠢ ᠂ ᠠᠵᠤ ᠠᠬᠤᠢ ᠵᠢᠨ ᠨᠢᠭᠡᠴᠢ ᠨᠤᠭᠥᠳ ᠣᠷᠤᠯᠴᠠᠨ᠎ᠠ ᠃ ᠮᠦᠨ ᠹᠷᠠᠨᠼᠢ ᠵᠢᠨ MEDEF ᠤ ᠳᠡᠷᠭᠡᠳᠡᠬᠢ ᠹᠷᠠᠨᠼᠢ ᠮᠤᠩᠭᠤᠯ ᠤᠨ ᠪᠢᠽᠢᠨᠧᠰ ᠤᠨ ᠵᠥᠪᠯᠡᠯ ᠤᠨ ᠳᠠᠷᠤᠭ᠎ᠠ ᠺᠷᠢᠰᠲ᠋ᠤᠹ  ᠹᠤᠨᠲ᠋ᠠᠢᠨ ᠂ ᠹᠷᠠᠨᠼᠢ ᠤᠯᠤᠰ ᠡᠴᠠ ᠮᠤᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠹᠢᠯᠢᠫ ᠮᠸᠷᠯᠢᠨ ᠨᠠᠷ ᠣᠷᠤᠯᠴᠠᠵᠤ ᠂ ᠤᠯᠤᠰ ᠤᠨ ᠶᠡᠬᠡ ᠬᠤᠷᠠᠯ ᠤᠨ ᠭᠡᠰᠢᠭᠦᠨ ᠭ᠊ · ᠠᠮᠤᠷᠲᠦ᠋ᠪᠰᠢᠨ ᠮᠤᠩᠭᠤᠯ ᠤᠯᠤᠰ ᠤᠨ ᠬᠥᠷᠦᠩᠭᠡ ᠣᠷᠤᠭᠤᠯᠤᠯᠲᠠ ᠵᠢᠨ ᠣᠷᠴᠢᠨ ᠂ ᠡᠳ᠋ ᠤᠨ ᠵᠠᠰᠠᠭ ᠤᠨ ᠲᠦᠯᠦᠪ ᠪᠠᠢᠢᠳᠠᠯ ᠤᠨ ᠲᠠᠯ᠎ᠠ ᠪᠡᠷ ᠲᠠᠨᠢᠯᠴᠠᠭᠤᠯᠬᠤ  ᠶᠤᠮ᠃

ᠰᠡᠳᠬᠢᠭᠳᠡᠯ ᠦᠯᠡᠳᠡᠭᠡᠬᠦ