ᠵᠠᠪᠬᠠᠨ ᠪ ᠨᠤᠮ ᠤᠨ ᠰᠠᠩ ᠰᠢᠨ᠎ᠡ ᠦᠢᠯᠡᠴᠢᠯᠡᠭᠡ ᠨᠡᠪᠲᠡᠷᠡᠭᠦᠯᠵᠡᠢ | News.MN

ᠵᠠᠪᠬᠠᠨ ᠪ ᠨᠤᠮ ᠤᠨ ᠰᠠᠩ ᠰᠢᠨ᠎ᠡ ᠦᠢᠯᠡᠴᠢᠯᠡᠭᠡ ᠨᠡᠪᠲᠡᠷᠡᠭᠦᠯᠵᠡᠢ

 

ᠵᠠᠪᠬᠠᠨ ᠠᠢᠢᠮᠠᠭ ᠤᠨ ᠲᠥᠪ ᠨᠤᠮ ᠤᠨ ᠰᠠᠩ ᠤᠨ ᠬᠡᠦᠬᠡᠳ ᠤᠨ ᠤᠩᠰᠢᠯᠭ᠎ᠠ ᠵᠢᠨ ᠲᠠᠩᠬᠢᠮ ᠣᠷᠴᠢᠨ ᠦᠶ᠎ᠡ ᠵᠢᠨ ᠰᠲ᠋ᠠᠨᠳᠠᠷᠲ ᠱᠠᠭᠠᠷᠳᠠᠯᠭ᠎ᠠ ᠳᠤ ᠨᠡᠢᠢᠴᠡᠭᠰᠡᠨ ᠲᠠᠪᠢᠯᠭ᠎ᠠ ᠂ ᠲᠤᠨᠤᠭ ᠲᠥᠬᠥᠭᠡᠷᠦᠮᠵᠢ ᠪᠡᠷ ᠲᠠᠩᠬᠢᠮ ᠵᠢᠨᠨ ᠰᠢᠨᠡᠴᠢᠯᠡᠯ᠎ᠡ᠃ ᠨᠢᠭᠡᠳᠦᠭᠰᠡᠨ ᠦᠨᠳᠦᠰᠦᠨ ᠦ  ᠪᠠᠢᠭᠤᠯᠤᠯᠭ᠎ᠠ ᠶᠢᠨ ᠬᠡᠦᠬᠡᠳ ᠊ᠢ ᠢᠪᠡᠭᠡᠬᠦ ᠰᠠᠩ ᠂  ᠳᠡᠯᠡᠬᠡᠢ ᠶᠢᠨ ᠵᠦᠩ ᠤᠯᠠᠨ ᠤᠯᠤᠰ ᠤᠨ ᠪᠠᠢᠭᠤᠯᠤᠯᠭ᠎ᠠ ᠶᠢᠨ ᠵᠠᠪᠬᠠᠨ ᠬᠠᠩᠭᠠᠢ ᠣᠷᠤᠨ ᠨᠤᠲᠤᠭ ᠤᠨ ᠬᠥᠲᠦᠯᠪᠦᠷᠢ ᠳ᠋ᠦ ᠠᠢᠢᠮᠠᠭ ᠤᠨ ᠲᠥᠪ ᠨᠤᠮ ᠤᠨ ᠰᠠᠩ ᠡᠴᠠ ᠬᠦᠰᠡᠯᠲᠡ ᠲᠠᠯᠪᠢᠵᠤ ᠲᠥᠰᠦᠯ ᠬᠦᠷᠭᠡᠭᠦᠯᠦᠭᠰᠡᠨ ᠵᠢᠨᠷ ᠡᠢᠢᠨ ᠬᠦ ᠰᠢᠨ᠎ᠡ ᠲᠠᠪᠢᠯᠭ᠎ᠠ ᠲᠥᠬᠥᠭᠡᠷᠦᠮᠵᠢ ᠲᠠᠢ ᠪᠣᠯᠤᠯ᠎ᠠ ᠃

ᠬᠡᠦᠬᠡᠳ ᠤᠨ ᠤᠩᠰᠢᠯᠭ᠎ᠠ ᠵᠢᠨ ᠲᠠᠩᠬᠢᠮ ᠳᠤ ᠬᠡᠦᠬᠡᠳ ᠥᠪᠡᠷ ᠵᠢᠨᠨ ᠨᠤᠮ ᠵᠢᠨᠨ ᠰᠤᠩᠭᠤᠭᠠᠳ ᠤᠩᠰᠢᠬᠤ ᠪᠣᠯᠤᠮᠵᠢᠲᠠᠢ ᠨᠢᠷᠤᠭᠤᠨ ᠪ ᠲᠦᠪᠰᠢᠨ ᠳ᠋ᠦ ᠲᠤᠬᠢᠷᠠᠬᠰᠠᠨ ᠨᠤᠮ ᠤᠨ ᠲᠠᠯᠪᠢᠭᠤᠷ᠂  ᠰᠠᠨᠳᠠᠯᠢ ᠰᠢᠷᠡᠭᠡ᠂ ᠰᠤᠨᠤᠰᠳᠠᠭ ᠨᠤᠮ ᠪᠣᠯᠤᠨ ᠴᠠᠬᠢᠮ ᠨᠤᠮ ᠤᠨ ᠦᠢᠯᠡᠴᠢᠯᠡᠭᠡ ᠵᠢ ᠨᠡᠪᠲᠡᠷᠡᠭᠦᠯᠦᠭᠡᠳ ᠪᠠᠢᠢᠨ᠎ᠠ᠃ ᠮᠥᠨ ᠳᠤᠯᠤᠭ᠎ᠠ ᠬᠤᠨᠤᠭ ᠪᠦᠷᠢ ᠵᠢᠨ ᠪᠠᠰᠠᠩ ᠭᠠᠷᠠᠭ ᠲᠤ ᠬᠥᠭᠵᠢᠯ ᠤᠨ ᠣᠨᠴᠠᠯᠢᠭ ᠲᠠᠢ ᠬᠡᠦᠬᠡᠳ ᠲᠦ ᠵᠤᠷᠢᠭᠤᠯᠤᠬᠰᠠᠨ ᠰᠤᠷᠭᠠᠯᠲᠠ ᠵᠢᠨ ᠲᠤᠰᠬᠠᠢ ᠬᠥᠲᠦᠯᠪᠦᠷᠢ ᠵᠢᠨ ᠳᠠᠭᠠᠤ ᠦᠯᠢᠭᠡᠷ ᠰᠤᠨᠤᠰᠬᠤ ᠴᠠᠭ᠂ ᠵᠢᠷᠤᠭ ᠵᠢᠨᠷ ᠥᠪᠡᠷ ᠊ᠢ ᠪᠡᠨ ᠢᠯᠡᠷᠬᠡᠢᠢᠯᠡᠬᠦ ᠂ ᠤᠩᠰᠢᠬᠰᠠᠨ ᠨᠤᠮ ᠤᠨ ᠲᠡᠮᠳᠡᠭᠯᠡᠯ ᠬᠥᠲᠦᠯᠬᠦ ᠵᠡᠷᠭᠡ ᠲᠠᠨᠢᠨ ᠮᠡᠳᠡᠬᠦᠢ ᠂ ᠰᠤᠶᠤᠯ ᠣᠯᠠᠨ ᠨᠡᠢᠢᠲᠡ ᠵᠢᠨ ᠠᠵᠢᠯ  ᠊ᠢ ᠵᠤᠬᠢᠶᠠᠨ ᠪᠠᠢᠢᠭᠤᠯᠵᠤ᠂ ᠤᠩᠰᠢᠬᠴᠢ ᠬᠡᠦᠬᠡᠳ ᠲᠡᠭᠡᠨ ᠦᠢᠯᠡᠴᠢᠯᠡᠵᠦ ᠪᠠᠢᠢᠨ᠎ᠠ ᠭᠡᠵᠦ ᠨᠤᠮ ᠦᠨ ᠰᠠᠩ ᠤᠨ ᠬᠢᠨ ᠮᠡᠳᠡᠭᠡᠯᠡᠯ᠎ᠡ ᠃

ᠠᠢᠢᠮᠠᠭ ᠤᠨ ᠲᠥᠪ ᠨᠤᠮ ᠤᠨ ᠰᠠᠩ ᠵᠢᠯ ᠳ᠋ᠦ ᠪᠡᠨ ᠤᠩᠰᠢᠯᠭ᠎ᠠ ᠵᠢᠨ ᠲᠠᠩᠬᠢᠮ ᠵᠢᠨᠷ 5700 ᠭᠠᠷᠤᠢ ᠬᠥᠮᠦᠨ ᠳ᠋ᠦ ᠦᠢᠯᠡᠴᠢᠯᠡᠭᠡ ᠦᠵᠡᠭᠦᠯᠳᠡᠭ᠃ ᠰᠢᠨ᠎ᠡ ᠲᠤᠨᠤᠭ ᠲᠥᠬᠥᠭᠡᠷᠦᠮᠵᠢ ᠲᠠᠢ ᠪᠣᠯᠤᠬᠰᠠᠨ ᠵᠢᠨᠷ ᠬᠥᠭᠵᠢᠯ ᠤᠨ ᠣᠨᠴᠠᠯᠢᠭ ᠲᠠᠢ ᠬᠡᠦᠬᠡᠳ  ᠲᠦ ᠦᠯᠢᠭᠡᠷ ᠰᠤᠨᠤᠰᠬᠤ ᠴᠠᠭ᠂ ᠵᠢᠷᠤᠭ ᠵᠢᠨᠷ ᠥᠪᠡᠷ ᠊ᠢ ᠪᠡᠨ ᠢᠯᠡᠷᠬᠡᠢᠢᠯᠡᠬᠦ ᠂ ᠤᠩᠰᠢᠬᠰᠠᠨ ᠨᠤᠮ ᠤᠨ ᠲᠡᠮᠳᠡᠭᠯᠡᠯ ᠬᠥᠲᠦᠯᠬᠦ ᠵᠢ ᠬᠡᠷᠬᠢᠨ ᠬᠢᠬᠦ ᠲᠠᠯ᠎ᠠ ᠪᠡᠷ ᠨᠤᠮ ᠤᠨ ᠰᠠᠩᠴᠢᠳ ᠵᠢᠭᠠᠵᠤ ᠥᠭᠭᠦᠯ᠎ᠡ᠃ ᠬᠠᠷᠠᠭ᠎ᠠ ᠦᠭᠡᠢ ᠪᠣᠯᠤᠨ ᠰᠤᠯᠠ ᠬᠠᠷᠠᠭ᠎ᠠ ᠲᠠᠢ ᠬᠥᠮᠦᠰ ᠲᠦ ᠵᠤᠷᠢᠭᠤᠯᠤᠨ ᠲᠡᠮᠲᠡᠷᠢᠬᠦ ᠦᠰᠦᠭ ᠵᠢᠨᠷ ᠪᠢᠴᠢᠭᠳᠡᠭᠰᠡᠨ ᠪᠷᠠᠢᠢᠯ ᠨᠤᠮ᠂ ᠰᠤᠨᠤᠰᠳᠠᠭ ᠨᠤᠮ ᠤᠳ ᠵᠢᠨᠷ ᠦᠢᠯᠡᠴᠢᠯᠡᠭᠡ ᠦᠵᠡᠭᠦᠯᠬᠦ ᠪᠤᠯᠤᠯ᠎ᠠ ᠃

 

ᠰᠡᠳᠬᠢᠭᠳᠡᠯ ᠦᠯᠡᠳᠡᠭᠡᠬᠦ