ᠮᠤᠷᠢᠨ ᠬᠤᠭᠤᠷ ᠤᠨ ᠴᠢᠭᠤᠯᠭ᠎ᠠ ᠵᠢᠨ ᠬᠥᠭᠵᠢᠮ ᠬᠡᠷᠡᠭᠰᠡᠯ ᠊ᠢ  ᠰᠢᠨᠡᠴᠢᠯᠡᠨ᠎ᠡ | News.MN

ᠮᠤᠷᠢᠨ ᠬᠤᠭᠤᠷ ᠤᠨ ᠴᠢᠭᠤᠯᠭ᠎ᠠ ᠵᠢᠨ ᠬᠥᠭᠵᠢᠮ ᠬᠡᠷᠡᠭᠰᠡᠯ ᠊ᠢ  ᠰᠢᠨᠡᠴᠢᠯᠡᠨ᠎ᠡ

ᠮᠤᠩᠭᠤᠯ ᠤᠯᠤᠰ ᠤᠨ ᠶᠡᠷᠦᠩᠬᠡᠢ ᠰᠠᠢᠢᠳ ᠤ᠊ · ᠬᠦᠷᠡᠯᠰᠦ᠋ᠬᠡ ᠤᠯᠤᠰ ᠤᠨ ᠹᠢᠯᠠᠷᠮᠤᠨᠢ ᠵᠢᠨ ᠳᠠᠷᠤᠭ᠎ᠠ ᠰ᠊ · ᠪᠠᠲᠤᠲᠤᠯᠭ᠎ᠠ ᠵᠢ ᠬᠦᠯᠢᠶᠡᠨ ᠠᠪᠴᠤ ᠠᠭᠤᠯᠵᠠᠨ ᠵᠠᠰᠠᠭ ᠤᠨ ᠭᠠᠵᠠᠷ ᠤᠨ ᠲᠤᠬᠲᠠᠭᠠᠯ ᠤᠨ ᠬᠠᠭᠤᠯᠪᠤᠷᠢ ᠵᠢ ᠭᠠᠷᠳᠠᠭᠤᠯᠵᠤ ᠥᠭᠪᠡ ᠃ ᠤᠭ ᠲᠤᠬᠲᠠᠭᠠᠯ ᠳᠤ ᠤᠯᠤᠰ ᠤᠨ ᠹᠢᠯᠠᠷᠮᠤᠨᠢ ᠵᠢᠨ ︽ ᠰᠢᠮᠹᠣᠨᠢ ᠨᠠᠢᠢᠷᠠᠯ ᠬᠥᠭᠵᠢᠮ ︾ ᠤᠨ ᠬᠥᠭᠵᠢᠮ ᠤᠨ ᠵᠢᠮᠰᠡᠭ ᠊ᠢ ᠰᠢᠨᠡᠴᠢᠯᠡᠬᠦ ᠳ᠋ᠦ ᠵᠤᠷᠢᠭᠤᠯᠵᠤ ᠨᠢᠭᠡ ᠲᠡᠷᠪᠤᠮ 800 ᠰᠠᠶ᠎ᠠ ᠂ ︽ᠮᠤᠷᠢᠨ ᠬᠤᠭᠤᠷ ᠤᠨ ᠴᠢᠭᠤᠯᠭ᠎ᠠ ︾ᠳ᠋ᠦ ᠱᠠᠭᠠᠷᠳᠠᠯᠭ᠎ᠠ ᠲᠠᠢ 200 ᠰᠠᠶ᠎ᠠ ᠲᠥᠭᠥᠷᠢᠭ ᠊ᠢ ᠵᠠᠰᠠᠭ ᠤᠨ ᠭᠠᠵᠠᠷ ᠤᠨ ᠨᠥᠭᠡᠴᠡ ᠰᠠᠩ ᠡᠴᠠ ᠭᠠᠷᠭᠠᠵᠤ ᠰᠢᠢᠳᠪᠦᠷᠢᠯᠡᠬᠦ ᠵᠢ ᠰᠠᠩ ᠤᠨ ᠰᠠᠢᠢᠳ ᠲᠤ ᠳᠠᠭᠠᠭᠠᠯᠭᠠᠭᠰᠠᠨ ᠢ ᠲᠤᠰᠬᠠᠵᠠᠢ ᠃

ᠮᠤᠩᠭᠤᠯ ᠤᠯᠤᠰ ᠤᠨ ᠶᠡᠷᠦᠩᠬᠡᠢ ᠰᠠᠢᠢᠳ ᠥᠩᠭᠡᠷᠡᠭᠰᠡᠨ ᠶᠢᠰᠦᠳᠦᠭᠡᠷ ᠰᠠᠷ᠎ᠠ ᠵᠢᠨ 28 ᠪ ᠡᠳᠦᠷ ᠤᠯᠤᠰ ᠤᠨ ᠹᠢᠯᠠᠷᠮᠤᠨᠢ ᠂ ᠮᠤᠷᠢᠨ ᠬᠤᠭᠤᠷ ᠤᠨ ᠴᠢᠭᠤᠯᠭ᠎ᠠ ᠵᠢᠨ ᠠᠵᠢᠯ ᠪᠠᠢᠢᠳᠠᠯ ᠲᠠᠢ ᠲᠠᠨᠢᠯᠴᠠᠬᠤ ᠦᠶ᠎ᠡ ᠪᠡᠷ ᠵᠢᠨᠨ ᠲᠤᠯᠭᠠᠮᠳᠠᠬᠰᠠᠨ ᠵᠠᠷᠢᠮ ᠠᠰᠠᠭᠤᠳᠠᠯ ᠊ᠢ ᠰᠢᠢᠳᠪᠦᠷᠢᠯᠡᠬᠦ ᠪᠡᠨ ᠬᠡᠯᠡᠭᠰᠡᠨ ᠃ ᠤᠯᠠᠮ ᠵᠢᠨᠷ ᠮᠥᠨ ᠰᠠᠷ᠎ᠠ ᠵᠢᠨ 30 ᠪ ᠵᠠᠰᠠᠭ ᠤᠨ ᠭᠠᠵᠠᠷ ᠤᠨ ᠬᠤᠷᠠᠯᠳᠤᠭᠠᠨ ᠵᠢᠨᠷ ᠳᠡᠭᠡᠷᠡᠬᠢ ᠠᠰᠠᠭᠤᠳᠠᠯ ᠊ᠢ ᠰᠢᠢᠳᠪᠦᠷᠢᠯᠡᠨ ᠪᠠᠲᠤᠯᠠᠭᠠᠵᠢᠭᠤᠯᠤᠬᠰᠠᠨ ᠪᠢᠯᠡ ᠃ ᠤᠯᠤᠰ  ᠤᠨ ᠹᠢᠯᠠᠷᠮᠤᠨᠢ ᠵᠢᠨ ᠳᠠᠷᠤᠭ᠎ᠠ ᠨᠡᠢᠢᠲᠡ ᠤᠷᠠᠨ  ᠪᠦᠲᠦᠭᠡᠯᠴᠢᠳ ᠦᠨ ᠢᠶᠡᠨ ᠡᠮᠦᠨ᠎ᠡ ᠡᠴᠡ ᠶᠡᠷᠦᠩᠬᠡᠢ ᠰᠠᠢᠢᠳ ᠲᠤ ᠲᠠᠯᠠᠷᠬᠠᠯ ᠢᠯᠡᠷᠬᠡᠢᠢᠯᠡᠭᠡᠳ ᠵᠠᠰᠠᠭ ᠤᠨ ᠭᠠᠵᠠᠷ ᠡᠴᠠ ᠹᠢᠯᠠᠷᠮᠤᠨᠢ ᠂ ᠮᠤᠷᠢᠨ ᠬᠤᠭᠤᠷ ᠤᠨ ᠴᠢᠭᠤᠯᠭ᠎ᠠ ᠳ᠋ᠤ ᠣᠷᠤᠭᠤᠯᠵᠤ ᠪᠤᠢ ᠬᠥᠷᠦᠩᠭᠡ ᠣᠷᠤᠭᠤᠯᠤᠯᠲᠠ ᠨᠢ ᠤᠷᠠᠨ ᠪᠦᠲᠦᠭᠡᠯᠴᠢᠳ ᠤᠨ ᠢᠲᠡᠭᠡᠯ ᠊ᠢ ᠰᠡᠷᠭᠦᠭᠡᠵᠦ ᠂ ᠠᠵᠢᠯᠯᠠᠬᠤ ᠤᠷᠮ᠎ᠠ ᠵᠤᠷᠢᠭ ᠥᠭᠴᠦ ᠪᠤᠢ ᠵᠢ ᠣᠨᠴᠠᠯᠠᠪᠠ ᠃ ᠬᠥᠭᠵᠢᠮ ᠤᠨ ᠬᠡᠷᠡᠭᠰᠡᠯ ᠢ ᠪᠣᠭᠤᠨᠢ ᠬᠤᠭᠤᠴᠠᠭᠠᠨ ᠳᠦ  ᠬᠤᠳᠠᠯᠳᠤᠨ ᠠᠪᠴᠤ᠂ ᠴᠠᠭᠠᠰᠢᠳᠠ ᠬᠢᠴᠢᠶᠡᠨ ᠠᠵᠢᠯᠯᠠᠬᠤ ᠪᠣᠯᠤᠨ᠎ᠠ ᠭᠡᠳ ᠤᠯᠤᠰ ᠤᠨ ᠹᠢᠯᠠᠷᠮᠤᠨᠢ ᠵᠢᠨ ᠲᠠᠨᠢᠬᠤ ᠲᠡᠮᠳᠡᠭ ᠪᠦᠬᠦᠢ ᠳᠤᠷᠠᠰᠬᠠᠯ ᠊ᠢ ᠬᠠᠳᠠᠭᠠᠯᠠᠭᠤᠯᠬᠤ ᠪᠠᠷ ᠶᠡᠷᠦᠩᠬᠡᠢ ᠰᠠᠢᠢᠳ ᠲᠤ ᠥᠭᠪᠡ ᠃

 

ᠰᠡᠳᠬᠢᠭᠳᠡᠯ ᠦᠯᠡᠳᠡᠭᠡᠬᠦ