ᠲᠥᠭᠥᠷᠢᠭ ᠴᠢᠩᠭᠠᠷᠠᠬᠤ ᠨᠥᠬᠥᠴᠡᠯ ᠪᠦᠷᠢᠳᠴᠦ ᠡᠬᠢᠯᠡᠯ᠎ᠡ | News.MN

ᠲᠥᠭᠥᠷᠢᠭ ᠴᠢᠩᠭᠠᠷᠠᠬᠤ ᠨᠥᠬᠥᠴᠡᠯ ᠪᠦᠷᠢᠳᠴᠦ ᠡᠬᠢᠯᠡᠯ᠎ᠡ

 

ᠲᠥᠭᠥᠷᠢᠭ ᠣᠨ ᠭᠠᠷᠤᠬᠰᠠᠨ ᠡᠴᠠ ᠬᠤᠢᠢᠰᠢ 4.4 ᠬᠤᠪᠢ ᠪᠡᠷ ᠰᠤᠯᠠᠷᠠᠬᠰᠠᠨ ᠴᠦ 8 ᠳ᠋ᠤᠭᠠᠷ ᠰᠠᠷ᠎ᠠ ᠵᠢᠨ 23᠎ ᠡᠴᠠ ᠬᠤᠢᠢᠰᠢ ᠲᠤᠬᠲᠠᠪᠤᠷᠢᠵᠢᠵᠤ ᠡᠬᠢᠯᠡᠯ᠎ᠡ ᠃ ᠤᠴᠢᠷ ᠨᠢ ᠸᠠᠯᠢᠶᠤᠲ ᠤᠨ ᠬᠠᠩᠰᠢ ᠳᠤ ᠨᠥᠯᠦᠭᠡᠯᠡᠭᠴᠢ ᠡᠳ᠋  ᠤᠨ ᠵᠠᠰᠠᠭ  ᠤᠨ ᠰᠠᠭᠤᠷᠢ ᠬᠦᠴᠦᠨ ᠵᠦᠢᠯ ᠂ ᠦᠵᠡᠭᠦᠯᠦᠯᠲᠡ ᠨᠤᠭᠦᠳ ᠲᠤ ᠡᠶᠡᠷᠭᠦ ᠥᠭᠡᠷᠡᠴᠢᠯᠡᠯᠲᠡ ᠭᠠᠷᠴᠤ ᠂ ᠬᠦᠯᠢᠶᠡᠯᠲᠡ ᠥᠭᠡᠷᠡᠴᠢᠯᠡᠭᠳᠡᠭᠰᠡᠨ ᠲᠠᠢ ᠬᠤᠯᠪᠣᠭᠠᠲᠠᠢ ᠶᠤᠮ ᠃ ᠲᠤᠬᠠᠢᠢᠯᠠᠪᠠᠯ ᠂ ᠭᠠᠳᠠᠭᠠᠳᠤ ᠬᠤᠳᠠᠯᠳᠤᠭ᠎ᠠ ᠂ ᠸᠠᠯᠢᠶᠤᠲ ᠤᠨ ᠤᠷᠤᠰᠬᠠᠯ ᠲᠠᠯ᠎ᠠ ᠡᠴᠠ ᠬᠠᠷᠠᠪᠠᠯ ᠡᠺᠰᠫᠣᠷᠲ ᠤᠨ ᠬᠡᠮᠵᠢᠶ᠎ᠡ 2020 ᠣᠨ ᠪ 1 ᠳ᠋ᠤᠭᠡᠷ ᠤᠯᠠᠷᠢᠯ ᠡᠴᠠ 3 ᠳᠠᠬᠢᠨ ᠨᠡᠮᠡᠭᠳᠡᠵᠦ ᠂ ᠲᠥᠯᠦᠪᠦᠷᠢ ᠵᠢᠨ ᠲᠡᠩᠴᠡᠯ ᠤᠨ ᠠᠯᠳᠠᠬᠳᠠᠯ 2020 ᠣᠨ ᠪ 7 ᠳ᠋ᠤᠭᠠᠷ ᠰᠠᠷ᠎ᠠ ᠳᠤ ᠡᠮᠦᠨᠡᠬᠢ ᠰᠠᠷ᠎ᠠ ᠡᠴᠠ 300 ᠰᠠᠶ᠎ᠠ ᠳ᠋ᠤᠯᠯᠠᠷ ᠵᠢᠨᠷ ᠰᠠᠢᠢᠵᠢᠷᠠᠬᠰᠠᠨ ᠃ ᠮᠥᠨ ᠲᠠᠬᠤᠯ ᠤᠨ ᠡᠰᠡᠷᠭᠦ ᠮᠤᠩᠭᠤᠯ ᠤᠯᠤᠰ ᠤᠨ ᠡᠳ᠋ ᠤᠨ ᠵᠠᠰᠠᠭ ᠲᠤ ᠦᠵᠡᠭᠦᠯᠵᠦ ᠪᠤᠢ ᠰᠥᠷᠬᠦ ᠨᠥᠯᠦᠭᠡ ᠵᠢ ᠪᠠᠭᠤᠷᠠᠭᠤᠯᠬᠤ ᠂ ᠡᠷᠡᠭᠦᠯ ᠮᠡᠨᠳᠦ ᠵᠢᠨ ᠰᠠᠯᠪᠤᠷᠢ ᠳᠤ ᠬᠡᠷᠡᠭᠵᠢᠭᠦᠯᠵᠦ ᠪᠤᠢ ᠦᠢᠯᠡ ᠠᠵᠢᠯᠯᠠᠭ᠎ᠠ ᠵᠢ ᠳᠡᠮᠵᠢᠬᠦ ᠡᠭᠦᠳᠡᠨ ᠡᠴᠡ ᠣᠯᠠᠨ ᠤᠯᠤᠰ ᠤᠨ ᠪᠠᠢᠢᠭᠤᠯᠭ᠎ᠠ ᠨᠤᠭᠤᠳ ᠡᠴᠠ 300 ᠰᠠᠶ᠎ᠠ ᠳ᠋ᠤᠯᠯᠠᠷ  ᠤᠨ ᠲᠤᠰᠠᠯᠠᠮᠵᠢ ᠳᠡᠮᠵᠢᠯᠭᠡ ᠵᠢ ᠦᠵᠡᠭᠦᠯᠦᠭᠡᠳ ᠪᠠᠢᠢᠭ᠎ᠠ ᠨᠢ ᠡᠢᠢᠨ ᠬᠦ ᠬᠠᠩᠰᠢ ᠲᠤᠬᠲᠠᠪᠤᠷᠢᠵᠢᠬᠤ ᠨᠥᠬᠥᠴᠡᠯ ᠊ᠢ ᠪᠦᠷᠢᠳᠦᠭᠦᠯᠵᠡᠢ ᠃

ᠲᠡᠭᠡᠪᠡᠯ ᠴᠠᠭᠠᠰᠢᠳᠠ ᠲᠥᠭᠥᠷᠢᠭ ᠴᠢᠩᠭᠠᠷᠠᠬᠤ ᠨᠥᠬᠥᠴᠡᠯ ᠪᠦᠷᠢᠳᠴᠦ ᠪᠠᠢᠢᠨ᠎ᠠ ᠃ ᠤᠴᠢᠷ ᠨᠢ ᠡᠳ᠋  ᠤᠨ ᠵᠠᠰᠠᠭ ᠲᠠᠬᠢ ᠮᠡᠳᠡᠭᠡᠯᠡᠯ ᠤᠳ ᠡᠴᠡ ᠦᠵᠡᠬᠦ ᠳ᠋ᠦ ᠮᠤᠩᠭᠤᠯ ᠤᠯᠤᠰ ᠤᠨ ᠵᠠᠰᠠᠭ ᠤᠨ ᠭᠠᠵᠠᠷ ᠡᠨᠡ ᠳᠤᠯᠤᠭ᠎ᠠ ᠬᠤᠨᠤᠭ ᠲᠤ ᠪᠠᠭ᠎ᠠ ᠬᠦᠦ ᠲᠠᠢ ᠪᠤᠶᠤ 5.3 ᠬᠤᠪᠢ ᠵᠢᠨ ᠬᠦᠦ ᠲᠠᠢ 600 ᠰᠠᠶ᠎ᠠ ᠳ᠋ᠤᠯᠯᠠᠷ  ᠤᠨ ︽ᠨᠤᠮᠠᠳ᠋︾ ᠪᠤᠨᠳ᠋ ᠢ ᠣᠯᠠᠨ ᠤᠯᠤᠰ ᠤᠨ ᠵᠠᠬ᠎ᠠ ᠵᠡᠭᠡᠯᠢ ᠳ᠋ᠦ ᠪᠣᠰᠬᠠᠬᠰᠠᠨ ᠨᠢ ᠮᠠᠨ ᠪ ᠤᠯᠤᠰ ᠤᠨ ᠭᠠᠳᠠᠭᠠᠳᠤ ᠸᠠᠯᠢᠶᠤᠲ ᠤᠨ ᠨᠥᠭᠡᠴᠡ ᠳ᠋ᠦ ᠲᠤᠮᠤᠬᠠᠨ ᠳᠡᠮᠵᠢᠯᠭᠡ ᠪᠣᠯᠬᠤ ᠪᠥᠭᠡᠳ ᠮᠤᠩᠭᠤᠯ ᠤᠯᠤᠰ 2022 ᠣᠨ ᠊ᠢ ᠳᠠᠭᠤᠰᠲᠠᠯ᠎ᠠ ᠭᠠᠳᠠᠭᠠᠳᠤ ᠥᠷᠢ ᠲᠥᠯᠦᠪᠦᠷᠢ ᠵᠢᠨ ᠳᠠᠷᠤᠮᠲᠠ ᠦᠭᠡᠢ ᠪᠠᠢᠢᠬᠤ ᠨᠥᠬᠥᠴᠡᠯ ᠊ᠢ ᠪᠦᠷᠢᠳᠦᠭᠦᠯᠵᠦ ᠪᠠᠢᠢᠭ᠎ᠠ ᠶᠤᠮ ᠃ ᠡᠭᠦᠨ ᠡᠴᠡ ᠭᠠᠳᠠᠨ᠎ᠠ ᠪᠠᠰᠠ ᠨᠢᠭᠡᠨ ᠥᠭᠡᠳᠡᠷᠡᠭ ᠮᠡᠳᠡᠭᠡᠯᠡᠯ ᠪᠣᠯ ᠮᠠᠨ ᠪ ᠤᠯᠤᠰ FATF ᠣᠯᠠᠨ ᠤᠯᠤᠰ  ᠤᠨ ᠰᠠᠩᠬᠦᠦ ᠵᠢᠨ ᠪᠠᠢᠢᠭᠤᠯᠭ᠎ᠠ ᠵᠢᠨ ᠰᠠᠷᠠᠯ ᠵᠢᠬᠰᠠᠭᠠᠯᠲᠠ ᠡᠴᠠ ᠡᠨᠡ ᠰᠠᠷ᠎ᠠ ᠳᠤ ᠭᠠᠷᠬᠤ ᠪᠡᠷ ᠪᠠᠢᠢᠭ᠎ᠠ ᠲᠤᠬᠠᠢ ᠮᠡᠳᠡᠭᠡᠯᠡᠯ ᠊ᠢ ᠠᠯᠪᠠᠨ ᠤ ᠬᠢ ᠡᠴᠡ ᠥᠭᠴᠦ ᠪᠠᠢᠢᠭ᠎ᠠ ᠨᠢ ᠬᠠᠩᠰᠢᠨ ᠳ᠋ᠤ ᠮᠡᠳᠡᠭᠡᠯᠡᠯ ᠡᠴᠡ ᠡᠭᠦᠳᠦᠭᠰᠡᠨ ᠡᠮᠵᠡᠭ ᠪᠠᠢᠢᠳᠠᠯ ᠊ᠢ ᠪᠠᠭᠤᠷᠠᠭᠤᠯᠬᠤ ᠳ᠋ᠤ ᠲᠠᠭᠠᠲᠠᠢ ᠬᠦᠯᠢᠶᠡᠯᠲᠡ ᠵᠢ ᠡᠭᠦᠰᠬᠡᠵᠦ ᠪᠠᠢᠢᠨ᠎ᠠ ᠃

ᠲᠡᠭᠦᠨᠴᠢᠯᠡᠨ ᠵᠢᠭᠡᠯᠡᠵᠢᠬᠦ ᠵᠡᠷᠭᠡᠯᠡᠯ ᠲᠤᠬᠲᠠᠭᠠᠳᠠᠭ Fitch ᠠᠭᠧᠨ‍ᠲ᠋ᠯᠢᠭ ᠴᠦ ᠮᠥᠨ ᠲᠥᠭᠥᠷᠢᠭ ᠴᠢᠩᠭᠠᠷᠠᠬᠤ ᠲᠥᠯᠦᠪᠲᠡᠢ ᠪᠠᠢᠢᠭ᠎ᠠ ᠵᠢ ᠡᠭᠡᠯᠵᠢᠲᠦ ᠲᠠᠢᠢᠯᠤᠨ ᠳ᠋ᠤ ᠪᠠᠨ ᠲᠤᠰᠬᠠᠵᠠᠢ ᠃ ᠲᠤᠳᠤᠷᠠᠭᠤᠯᠪᠠᠯ ᠂ ᠲᠥᠭᠥᠷᠢᠭ ᠤᠨ ᠳ᠋ᠤᠯᠯᠠᠷ ᠲᠠᠢ ᠲᠡᠩᠴᠡᠬᠦ ᠬᠠᠩᠰᠢ ᠵᠢᠨ ᠲᠦᠯᠦᠪ ᠢᠶᠡᠨ ᠡᠮᠦᠨᠡᠬᠢ  ᠲᠠᠭᠠᠮᠠᠭ ᠠᠴᠠ ᠪᠠᠨ 25 ᠲᠥᠭᠥᠷᠢᠭ ᠵᠢᠨᠷ ᠪᠠᠭᠤᠷᠠᠭᠤᠯᠵᠤ 2825 ᠲᠦᠭᠦᠷᠢᠭ ᠭᠡᠵᠦ ᠲᠤᠭᠠᠴᠠᠬᠰᠠᠨ ᠪᠠᠢᠢᠨ᠎ᠠ ᠃ ᠡᠮᠦᠨ᠎ᠡ ᠨᠢ 2850 ᠪᠠᠢᠢᠨ᠎ᠠ ᠭᠡᠵᠦ ᠦᠵᠡᠭᠰᠡᠨ ᠲᠡᠢ ᠬᠠᠷᠢᠴᠠᠭᠤᠯᠬᠤ  ᠳᠦ ᠲᠥᠭᠥᠷᠢᠭ ᠢᠯᠡᠭᠦᠦ ᠴᠢᠩᠭ᠎ᠠ ᠪᠠᠢᠢᠨ᠎ᠠ ᠭᠡᠵᠦ ᠲᠥᠰᠦᠭᠡᠯᠡᠵᠡᠢ ᠃ ᠤᠴᠢᠷ ᠨᠢ ᠮᠠᠨ ᠪ ᠤᠯᠤᠰ ᠤᠨ ᠡᠺᠰᠫᠣᠷᠲ ᠰᠡᠷᠭᠦᠵᠦ ᠪᠠᠢᠢᠭ᠎ᠠ ᠨᠢ ᠲᠥᠭᠥᠷᠢᠭ ᠊ᠢ ᠳᠡᠮᠵᠢᠨ᠎ᠡ ᠭᠡᠵᠦ ᠦᠵᠡᠭᠰᠡᠨ ᠪᠠᠢᠢᠨ᠎ᠠ ᠃ ᠮᠥᠨ  ᠢᠮᠹᠯᠢᠶᠠᠼ ᠨᠠᠮ ᠳᠤᠤᠷ᠎ᠠ ᠪᠠᠢᠢᠭ᠎ᠠ ᠨᠢ ᠲᠥᠭᠥᠷᠢᠭ ᠴᠢᠩᠭᠠᠷᠠᠬᠤ ᠳᠤ ᠡᠶᠡᠷᠭᠦ ᠨᠥᠯᠦᠭᠡᠯᠡᠨ᠎ᠡ ᠭᠡᠵᠡᠢ ᠃ ᠡᠳᠡᠭᠡᠷ ᠮᠡᠳᠡᠭᠡᠯᠡᠯ ᠡᠴᠡ ᠦᠵᠡᠬᠦ ᠳ᠋ᠦ ᠲᠥᠭᠥᠷᠢᠭ ᠴᠠᠭᠠᠰᠢ ᠳ᠋ᠤ ᠪᠠᠨ ᠴᠢᠩᠭᠠᠷᠠᠬᠤ ᠲᠥᠯᠦᠪᠲᠡᠢ ᠪᠠᠢᠢᠨ᠎ᠠ ᠃

 

ᠰᠡᠳᠬᠢᠭᠳᠡᠯ ᠦᠯᠡᠳᠡᠭᠡᠬᠦ