ᠮᠠᠨ ᠪ ᠤᠯᠤᠰ ᠲᠤ ᠥᠨᠦᠳᠦᠷ ᠤᠨ ᠪᠠᠢᠢᠳᠠᠯ ᠵᠢᠨᠷ 7.5 ᠮᠢᠩᠭᠠᠨ ᠲᠤᠨ ᠠᠺᠺᠦᠮᠯᠢᠶᠠᠲ᠋ᠤᠷ ᠬᠠᠶᠠᠬᠳᠠᠭᠠᠳ ᠪᠠᠢᠢᠨ᠎ᠠ ᠃ ᠮᠡᠷᠭᠡᠵᠢᠯ ᠤᠨ ᠬᠢᠨᠠᠯᠲᠠ ᠵᠢᠨ ᠶᠡᠷᠦᠩᠬᠡᠢ ᠭᠠᠵᠠᠷ ᠡᠴᠠ ᠬᠢᠭᠰᠡᠨ ᠬᠠᠮᠲᠤᠷᠠᠬᠰᠠᠨ ᠰᠢᠯᠭᠠᠯᠲᠠ ᠪᠠᠷ ᠠᠺᠺᠦᠮᠯᠢᠶᠠᠲ᠋ᠤᠷ ᠳᠠᠬᠢᠨ ᠪᠣᠯᠪᠠᠰᠤᠷᠠᠭᠤᠯᠬᠤ ᠦᠢᠯᠡᠳᠪᠦᠷᠢ ᠨᠤᠭᠥᠳ ᠊ᠢ ᠥᠩᠭᠡᠷᠡᠭᠰᠡᠨ ᠣᠨ ᠪ 4 ᠳ᠋ᠤᠭᠡᠷ ᠰᠠᠷ᠎ᠠ ᠳᠤ ᠬᠠᠭᠠᠵᠠᠢ ᠃ ᠡᠭᠦᠨ ᠡᠴᠡ ᠡᠭᠦᠳᠦᠨ ᠳᠡᠭᠡᠷᠡᠬᠢ ᠬᠡᠮᠵᠢᠶᠡᠨ ᠪ ᠬᠠᠶᠠᠬᠳᠠᠯ ᠠᠺᠺᠦᠮᠯᠢᠶᠠᠲ᠋ᠤᠷ ᠪᠤᠢ ᠪᠣᠯᠵᠠᠢ ᠃ ᠠᠺᠺᠦᠮᠯᠢᠶᠠᠲ᠋ᠤᠷ ᠨᠢ ᠬᠥᠷᠦᠰᠦ ᠂ ᠤᠰᠤ ᠪᠤᠬᠢᠷᠳᠤᠭᠤᠯᠳᠠᠭ ᠪᠠᠢᠢᠭᠠᠯᠢ ᠣᠷᠴᠢᠨ ᠳᠤ ᠦᠵᠡᠭᠦᠯᠬᠦ ᠬᠤᠤᠷ ᠨᠥᠯᠦᠭᠡ ᠶᠡᠬᠡ ᠤᠴᠢᠷ ᠠᠶᠤᠯᠲᠠᠢ ᠪᠠᠢᠢᠳᠠᠯ ᠡᠭᠦᠰᠦᠭᠡᠳ ᠪᠠᠢᠢᠨ᠎ᠠ ᠃ ᠲᠡᠢᠢᠮᠦ ᠡᠴᠡ ᠡᠨᠡ ᠬᠤᠭ ᠬᠠᠶᠠᠬᠳᠠᠯ ᠊ᠢ ᠬᠡᠷᠬᠢᠨ ᠶᠠᠭᠠᠬᠢᠵᠤ ᠰᠢᠢᠳᠬᠦ ᠲᠠᠯ᠎ᠠ ᠪᠡᠷ ᠥᠨᠦᠳᠦᠷ ᠮᠡᠷᠭᠡᠵᠢᠯᠲᠡᠳ ᠬᠡᠯᠡᠯᠴᠡᠯ᠎ᠡ ᠃ ᠡᠨᠳᠡ ᠬᠠᠶᠠᠬᠳᠠᠯ ᠠᠺᠺᠦᠮᠯᠢᠶᠠᠲ᠋ᠤᠷ ᠢ ᠪᠦᠷᠢᠨ ᠤᠰᠠᠳᠬᠠᠬᠤ ᠂ ᠡᠰᠡᠪᠡᠯ ᠳᠠᠬᠢᠨ ᠪᠣᠯᠪᠠᠰᠤᠷᠠᠭᠤᠯᠬᠤ ᠦᠢᠯᠡᠳᠪᠦᠷᠢ ᠨᠤᠭᠥᠳ ᠊ᠢ ᠳᠠᠬᠢᠨ ᠠᠵᠢᠯᠯᠠᠭᠤᠯᠬᠤ ᠭᠡᠰᠡᠨ ᠬᠤᠶᠠᠷᠬᠠᠨ ᠭᠠᠷᠴᠠ ᠪᠠᠢᠢᠭ᠎ᠠ ᠵᠢ ᠬᠡᠯᠡᠵᠦ ᠪᠠᠢᠢᠪᠠ ᠃ ᠲᠡᠢᠢᠮᠦ ᠡᠴᠡ ᠠᠺᠺᠦᠮᠯᠢᠶᠠᠲ᠋ᠤᠷ ᠳᠠᠬᠢᠨ ᠪᠣᠯᠪᠠᠰᠤᠷᠠᠭᠤᠯᠬᠤ ᠦᠢᠯᠡᠳᠪᠦᠷᠢ ᠨᠤᠭᠥᠳ ᠲᠦ ᠦᠢᠯᠡ ᠠᠵᠢᠯᠯᠠᠭᠠᠨ ᠪ ᠦᠨᠡᠯᠡᠭᠡ ᠵᠢ ᠪᠠᠢᠢᠭᠠᠯᠢ ᠣᠷᠴᠢᠨ ᠂ ᠠᠶᠠᠯᠠᠯ ᠵᠢᠭᠤᠯᠴᠢᠯᠠᠯ ᠤᠨ ᠶᠠᠮᠤᠨ ᠂ ᠨᠡᠢᠢᠰᠯᠡᠯ ᠤᠨ ᠮᠡᠷᠭᠡᠵᠢᠯ ᠤᠨ ᠬᠢᠨᠠᠯᠲᠠ ᠵᠢᠨ ᠭᠠᠵᠠᠷ ᠡᠴᠠ ᠬᠢᠵᠦ ᠂ ᠠᠶᠤᠯᠭᠦᠢ ᠠᠵᠢᠯᠯᠠᠭᠠᠨ ᠪ ᠰᠲ᠋ᠠᠨᠳᠠᠷᠲ ᠂ ᠨᠥᠬᠥᠴᠡᠯ ᠪᠠᠢᠢᠳᠠᠯ ᠊ᠢ ᠬᠠᠩᠭᠠᠭᠤᠯᠬᠤ ᠬᠡᠷᠡᠭ ᠲᠠᠢ ᠵᠢ ᠵᠠᠷᠢᠮ ᠮᠡᠷᠭᠡᠵᠢᠯᠲᠡᠨ ᠰᠠᠨᠠᠯ ᠪᠣᠯᠭᠠᠵᠤ ᠪᠠᠢᠢᠪᠠ ᠃
ᠮᠠᠨ ᠪ ᠤᠯᠤᠰ ᠲᠤ ᠵᠢᠯ ᠳ᠋ᠦ 5 ᠮᠢᠩᠭᠠᠨ ᠲᠤᠨ ᠠᠺᠺᠦᠮᠯᠢᠶᠠᠲ᠋ᠤᠷ ᠬᠠᠶᠠᠬᠳᠠᠳᠠᠭ ᠪᠠᠢᠢᠨ᠎ᠠ ᠃ ᠳᠠᠬᠢᠨ ᠪᠣᠯᠪᠠᠰᠤᠷᠠᠭᠤᠯᠬᠤ ᠦᠢᠯᠡᠳᠪᠦᠷᠢ ᠨᠤᠭᠥᠳ ᠊ᠢ ᠬᠠᠭᠠᠬᠰᠠᠨ ᠵᠢᠨᠷ ᠠᠺᠺᠦᠮᠯᠢᠶᠠᠲ᠋ᠤᠷ ᠭᠠᠵᠠᠷ ᠰᠠᠢ ᠦᠭᠡᠢ ᠬᠠᠶᠠᠬᠳᠠᠵᠤ ᠪᠠᠢᠢᠨ᠎ᠠ ᠃ ᠢᠯᠠᠩᠭᠤᠶ᠎ᠠ ᠡᠨᠡ ᠨᠢ ᠬᠥᠳᠡᠭᠡ ᠂ ᠣᠷᠤᠨ ᠨᠤᠲᠤᠭ ᠲᠤ ᠂ ᠮᠠᠯᠴᠢᠳ ᠤᠨ ᠬᠤᠲᠠ ᠳᠤ ᠶᠡᠬᠡ ᠪᠡᠷ ᠪᠥᠭᠡᠮᠨᠡᠷᠡᠵᠦ ᠪᠠᠢᠢᠨ᠎ᠠ ᠃