ᠵᠥᠪᠰᠢᠶᠡᠷᠡᠯ ᠦᠭᠡᠢ ᠸᠠᠯᠢᠶᠤᠲ ᠠᠷᠠᠯᠵᠢᠶ᠎ᠠ ᠡᠷᠬᠢᠯᠡᠭᠴᠢᠳ ᠲᠦ ᠬᠠᠷᠢᠭᠤᠴᠠᠯᠭ᠎ᠠ ᠨᠤᠬᠳᠠᠭᠤᠯᠤᠯ᠎ᠠ | News.MN

ᠵᠥᠪᠰᠢᠶᠡᠷᠡᠯ ᠦᠭᠡᠢ ᠸᠠᠯᠢᠶᠤᠲ ᠠᠷᠠᠯᠵᠢᠶ᠎ᠠ ᠡᠷᠬᠢᠯᠡᠭᠴᠢᠳ ᠲᠦ ᠬᠠᠷᠢᠭᠤᠴᠠᠯᠭ᠎ᠠ ᠨᠤᠬᠳᠠᠭᠤᠯᠤᠯ᠎ᠠ

 

ᠰᠠᠩᠬᠦᠦ ᠵᠢᠨ ᠵᠤᠬᠢᠴᠠᠭᠤᠯᠬᠤ ᠬᠤᠷᠢᠶᠠᠨ ᠡᠴᠠ ︽ᠨᠠᠢᠮᠠᠨ ᠰᠢᠷᠭ᠎ᠠ︾ ᠲᠦᠪ ᠲᠦ ᠸᠠᠯᠢᠶᠤᠲ ᠠᠷᠠᠯᠵᠢᠶ᠎ᠠ ᠡᠷᠬᠢᠯᠡᠵᠦ ᠪᠤᠢ ᠢᠷᠭᠡᠳ ᠂ ᠠᠵᠤ ᠠᠬᠤᠢ ᠵᠢᠨ ᠨᠢᠭᠡᠴᠢ ᠵᠢᠨ ᠦᠢᠯᠡ ᠠᠵᠢᠯᠯᠠᠭᠠᠨ ᠳᠤ ᠬᠢᠨᠠᠯᠲᠠ ᠰᠢᠯᠭᠠᠯᠲᠠ ᠬᠢᠵᠡᠢ᠃ ᠮᠥᠩᠭᠥ ᠤᠬᠢᠶᠠᠬᠤ ᠂ ᠲᠸᠷᠷᠤᠷᠢᠰᠮ ᠊ᠢ ᠰᠠᠩᠬᠦᠦᠵᠢᠭᠦᠯᠬᠦ ᠲᠡᠢ ᠲᠡᠮᠡᠴᠡᠬᠦ ᠲᠤᠬᠠᠢ ᠬᠠᠤᠯᠢ ᠵᠢᠨ ᠬᠡᠷᠡᠭᠵᠢᠯᠲᠡ ᠪᠣᠯᠤᠨ ᠸᠠᠯᠢᠶᠤᠲ ᠤᠨ ᠠᠷᠠᠯᠵᠢᠶ᠎ᠠ ᠡᠷᠬᠢᠯᠡᠬᠦ ᠲᠤᠰᠬᠠᠢ ᠵᠥᠪᠰᠢᠶᠡᠷᠡᠯ ᠲᠠᠢ ᠪᠠᠩᠬᠢ ᠪᠤᠰᠤ  ᠰᠠᠩᠬᠦᠦ ᠵᠢᠨ ᠪᠠᠢᠢᠭᠤᠯᠭ᠎ᠠ ᠨᠤᠭᠤᠳ ᠤᠨ ᠦᠢᠯᠡ ᠠᠵᠢᠯᠯᠠᠭ᠎ᠠ ᠨᠢ ᠬᠠᠤᠯᠢ ᠲᠤᠬᠲᠠᠭᠠᠮᠵᠢ ᠵᠢᠨ ᠳᠠᠭᠠᠤ ᠶᠠᠪᠤᠬᠳᠠᠵᠤ ᠪᠠᠢᠢᠭ᠎ᠠ ᠡᠰᠡᠬᠦ ᠵᠢ ᠬᠢᠨᠠᠵᠤ ᠰᠢᠯᠭᠠᠬᠤ ᠵᠢᠨ ᠵᠡᠷᠭᠡᠴᠡᠭᠡ ᠲᠤᠰᠬᠠᠢ ᠵᠥᠪᠰᠢᠶᠡᠷᠡᠯ ᠦᠭᠡᠢ ᠸᠠᠯᠢᠶᠤᠲ ᠠᠷᠠᠯᠵᠢᠶ᠎ᠠ ᠡᠷᠬᠢᠯᠡᠵᠦ ᠪᠤᠢ ᠢᠷᠭᠡᠳ ᠂ ᠠᠵᠤ ᠠᠬᠤᠢ ᠵᠢᠨ ᠨᠢᠭᠡᠴᠢ ᠵᠢᠨ ᠦᠢᠯᠡ ᠠᠵᠢᠯᠯᠠᠭ᠎ᠠ ᠵᠢ ᠲᠠᠰᠤᠯᠤᠨ ᠵᠤᠬᠰᠤᠭᠠᠬᠤ ᠰᠢᠯᠭᠠᠯᠲᠠ ᠵᠢ ᠲᠡᠭᠦᠷᠭᠡ ᠵᠢᠨ ᠴᠠᠬᠳᠠᠭ᠎ᠠ ᠵᠢᠨ ᠬᠡᠯᠲᠡᠰ ᠲᠠᠢ ᠬᠠᠮᠲᠤᠷᠠᠨ ᠶᠠᠪᠤᠭᠤᠯᠤᠯ᠎ᠠ ᠃ ᠡᠨᠡ ᠦᠶ᠎ᠡ ᠪᠡᠷ ᠲᠤᠰᠬᠠᠢ ᠵᠥᠪᠰᠢᠶᠡᠷᠡᠯ ᠦᠭᠡᠢ ᠸᠠᠯᠢᠶᠤᠲ ᠠᠷᠠᠯᠵᠢᠶ᠎ᠠ ᠡᠷᠬᠢᠯᠡᠭᠰᠡᠨ ᠳᠥᠷᠪᠡᠨ ᠢᠷᠭᠡᠨ ᠳ᠋ᠦ ᠬᠠᠷᠢᠭᠤᠴᠠᠯᠭ᠎ᠠ ᠨᠤᠬᠳᠠᠭᠤᠯᠵᠤ ᠂ ᠵᠥᠷᠢᠴᠡᠯ ᠊ᠢ ᠳᠠᠪᠲᠠᠬᠤ ᠦᠭᠡᠢ ᠪᠠᠢᠢᠬᠤ ᠵᠢ ᠠᠩᠬᠠᠷᠤᠭᠤᠯᠤᠬᠰᠠᠨ ᠪᠣᠯ ᠨᠢᠭᠡ ᠠᠵᠤ ᠠᠬᠤᠢ ᠵᠢᠨ ᠨᠢᠭᠡᠴᠢ ᠳ᠋ᠦ ᠫᠷᠤᠺᠦ᠋ᠷᠦᠷ ᠤᠨ ᠬᠢᠨᠠᠯᠲᠠ ᠳᠤᠤᠷ᠎ᠠ ᠵᠥᠷᠢᠴᠡᠯ ᠤᠨ ᠬᠡᠷᠡᠭ ᠨᠡᠭᠡᠭᠡᠵᠦ ᠂ ᠰᠢᠯᠭᠠᠨ ᠰᠢᠢᠳᠪᠦᠷᠢᠯᠡᠬᠦ ᠠᠵᠢᠯᠯᠠᠭ᠎ᠠ ᠵᠢ ᠡᠬᠢᠯᠡᠭᠦᠯᠦᠭᠡᠳ ᠪᠠᠢᠢᠨ᠎ᠠ ᠃

ᠸᠠᠯᠢᠶᠤᠲ  ᠤᠨ ᠠᠷᠠᠯᠵᠢᠶ᠎ᠠ ᠡᠷᠬᠢᠯᠡᠭᠴᠢᠳ ᠤᠨ ᠬᠤᠪᠢ ᠳᠤ ᠴᠦ ᠢᠷᠭᠡᠳ ᠊ᠢ ᠸᠠᠯᠢᠶᠤᠲ ᠰᠤᠯᠢᠭᠤᠯᠬᠤ ᠪᠦᠷᠢ ᠳ᠋ᠦ ᠬᠤᠷᠤᠭᠤ ᠤᠩᠰᠢᠬᠴᠢ ᠲᠥᠬᠥᠭᠡᠷᠦᠮᠵᠢ ᠠᠰᠢᠬᠯᠠᠵᠤ ᠮᠡᠳᠡᠭᠡᠯᠡᠯ ᠊ᠢ ᠪᠠᠲᠤᠯᠠᠭᠠᠵᠢᠭᠤᠯᠬᠤ ᠂ ᠲᠥᠯᠦᠪᠦᠷᠢ ᠵᠢᠨE ᠪᠠᠷᠢᠮᠲᠠ ᠵᠢ ᠣᠯᠭᠤᠬᠤ ᠡᠭᠦᠷᠭᠡ ᠲᠠᠢ ᠃ ᠢᠷᠭᠡᠳ  ᠸᠠᠯᠢᠶᠤᠲ ᠰᠤᠯᠢᠭᠤᠯᠬᠤ ᠳ᠋ᠦ ᠲᠥᠯᠦᠪᠦᠷᠢ ᠵᠢᠨ ᠪᠠᠷᠢᠮᠲᠠ ᠠᠪᠤᠬᠰᠠᠨ ᠵᠢᠨᠷ ᠠᠯᠢᠪᠠ ᠡᠷᠡᠰᠳᠡᠯ ᠡᠴᠡ ᠬᠠᠮᠠᠭᠠᠯᠠᠭᠤᠯᠬᠤ᠂ ᠮᠥᠨ ᠨᠡᠮᠡᠭᠳᠡᠭᠰᠡᠨ ᠥᠷᠳᠡᠭ ᠦᠨ ᠠᠯᠪᠠᠨ ᠲᠠᠲᠠᠪᠤᠷᠢ ᠵᠢᠨ ᠰᠤᠭᠤᠯᠤᠭᠠᠨ ᠳ᠋ᠤ ᠣᠷᠤᠯᠴᠠᠬᠤ ᠳᠠᠪᠬᠤᠷ ᠪᠣᠯᠤᠮᠵᠢᠲᠠᠢ ᠶᠤᠮ ᠃

ᠰᠡᠳᠬᠢᠭᠳᠡᠯ ᠦᠯᠡᠳᠡᠭᠡᠬᠦ