ᠳᠡᠯᠡᠬᠡᠢ ᠵᠢᠨ ᠷᠤᠺ ᠬᠥᠭᠵᠢᠮ ᠤᠨ ᠶᠢᠷᠲᠢᠨᠴᠦ ᠳ᠋ᠦ ᠰᠢᠨ᠎ᠡ ᠥᠩᠭᠡ ᠲᠥᠷᠬᠦ ᠪᠡᠷ ᠲᠠᠨᠢᠯ ᠪᠣᠯᠵᠤ ᠪᠤᠢ The Hu ᠬᠠᠮᠲᠤᠯᠢᠭ Shoog Shoog ᠳᠠᠭᠤᠤ ᠶᠢᠨ ᠢᠶᠡᠨ ᠰᠢᠨ᠎ᠡ ᠺᠯᠢᠫ ᠊ᠢ ᠲᠠᠨᠢᠯᠴᠠᠭᠤᠯᠤᠯ᠎ᠠ ᠃ ᠤᠭ ᠪᠦᠲᠦᠭᠡᠯ ᠳᠦ ᠬᠥᠰᠢᠭᠡᠨ ᠪ ᠠᠷᠤ ᠳᠦ ᠶᠠᠭᠤ ᠪᠣᠯᠵᠤ ᠪᠠᠢᠢᠬᠰᠠᠨ ᠲᠠᠯ᠎ᠠ ᠪᠡᠷ ᠬᠢ ᠳᠦᠷᠰᠦ ᠶᠡᠬᠡ ᠣᠷᠤᠬᠰᠠᠨ ᠪᠠᠢᠢᠨ᠎ᠠ ᠃
ᠲᠤᠰ ᠬᠠᠮᠲᠤᠯᠢᠭ ᠤᠨ ᠭᠡᠷᠡᠭᠡ ᠴᠤᠮᠤᠭ ᠨᠢᠭᠡ ᠵᠢᠯ ᠤᠨ ᠡᠮᠦᠨ᠎ᠡ ᠭᠠᠷᠴᠤ ᠪᠠᠢᠢᠬᠰᠠᠨ ᠃ ᠲᠡᠳᠡ ᠡᠨᠡ ᠤᠳᠠᠭ᠎ᠠ ᠳ᠋ᠤ ᠴᠤᠮᠤᠭ ᠶᠠᠭᠠᠬᠢᠵᠤ ᠪᠦᠲᠦᠭᠰᠡᠨ ᠲᠠᠯ᠎ᠠ ᠪᠡᠷ ︽ ТНЕ HU ᠄ Road to The Gereg ︾ ᠲᠤᠰᠬᠠᠢ ᠪᠠᠷᠢᠮᠲᠠᠲᠤ ᠺᠢᠨᠣ᠋ ᠪᠦᠲᠦᠭᠡᠭᠰᠡᠨ ᠪᠠᠢᠢᠨ᠎ᠠ ᠃ ᠡᠨᠡ ᠺᠢᠨᠣ᠋ ᠳ᠋ᠤ ᠳᠠᠭᠤᠴᠢᠳ ᠮᠤᠩᠭᠤᠯ ᠤᠨ ᠰᠤᠶᠤᠯ ᠂ ᠤᠯᠠᠮᠵᠢᠯᠠᠯᠲᠤ ᠬᠥᠭᠵᠢᠮ ᠤᠨ ᠵᠢᠮᠰᠡᠭ ᠂ ᠤᠷᠠᠨ ᠪᠦᠲᠦᠭᠡᠯ ᠤᠨ ᠵᠢᠨᠨ ᠲᠤᠬᠠᠢ ᠶᠠᠷᠢᠵᠠᠢ ᠃