ᠲᠡᠮᠦᠷ ᠵᠠᠮ ᠤᠨ ᠬᠢᠲᠠᠳ ᠲᠠᠢ ᠣᠬᠲᠤᠯᠤᠯᠴᠠᠬᠤ ᠴᠡᠭ ᠊ᠢ ᠡᠴᠦᠰᠯᠡᠨ ᠲᠤᠬᠲᠠᠵᠠᠢ | News.MN

ᠲᠡᠮᠦᠷ ᠵᠠᠮ ᠤᠨ ᠬᠢᠲᠠᠳ ᠲᠠᠢ ᠣᠬᠲᠤᠯᠤᠯᠴᠠᠬᠤ ᠴᠡᠭ ᠊ᠢ ᠡᠴᠦᠰᠯᠡᠨ ᠲᠤᠬᠲᠠᠵᠠᠢ

 

ᠲᠠᠪᠤᠨᠲᠤᠯᠤᠭᠠᠢ – ᠭᠠᠰᠢᠭᠤᠨ ᠰᠤᠬᠠᠢᠢᠲᠤ ᠴᠢᠭᠯᠡᠯ ᠤᠨ ᠲᠡᠮᠦᠷ ᠵᠠᠮ ᠢᠷᠡᠬᠦ ᠣᠨ ᠳᠤ ᠪᠤᠶᠤ ᠶᠡᠷᠦᠩᠬᠡᠢᠢᠯᠡᠭᠴᠢ ᠵᠢᠨ ᠰᠤᠩᠭᠤᠭᠤᠯᠢ ᠵᠢᠨ ᠡᠮᠦᠨᠡᠬᠡᠨ ᠳᠠᠭᠤᠰᠬᠤ ᠶᠤᠮ ᠃ ᠡᠨᠡ ᠬᠦ ᠲᠡᠮᠦᠷ ᠵᠠᠮ ᠠᠰᠢᠬᠯᠠᠯᠲᠠ ᠳᠤ ᠣᠷᠤᠬᠰᠠᠨ ᠵᠢᠨᠷ ᠲᠠᠪᠤᠨᠲᠤᠯᠤᠭᠠᠢ ᠵᠢᠨ ᠨᠢᠭᠡ ᠲᠤᠨ ᠨᠡᠭᠦᠷᠡᠰᠦ ᠵᠢ 8 – 9 ᠳ᠋ᠤᠯᠯᠠᠷ ᠲᠤ ᠲᠡᠭᠡᠭᠡᠪᠦᠷᠢᠯᠡᠬᠦ ᠲᠤᠭᠠᠴᠠᠭ᠎ᠠ ᠭᠠᠷᠤᠬᠰᠠᠨ ᠭᠡᠵᠦ ᠪᠤᠢ ᠃ ᠤᠴᠢᠷ ᠨᠢ ᠮᠠᠰᠢᠨ ᠵᠢᠨᠷ ᠨᠡᠭᠦᠷᠡᠰᠦ ᠲᠡᠭᠡᠭᠡᠪᠦᠷᠢᠯᠡᠬᠦ ᠳ᠋ᠦ 28 – 32 ᠳ᠋ᠤᠯᠯᠠᠷ ᠪᠥᠭᠡᠳ ᠡᠨᠡ ᠬᠦ ᠵᠠᠷᠤᠳᠠᠯ ᠊ᠢ ᠲᠡᠮᠦᠷ ᠵᠠᠮ ᠠᠰᠢᠬᠯᠠᠯᠲᠠ ᠳᠤ ᠣᠷᠤᠬᠰᠠᠨ ᠵᠢᠨᠷ 3 – 4 ᠳᠠᠬᠢᠨ ᠪᠠᠭᠤᠷᠠᠭᠤᠯᠬᠤ ᠶᠤᠮ ᠃

ᠲᠠᠪᠤᠨᠲᠤᠯᠤᠭᠠᠢ – ᠭᠠᠰᠢᠭᠤᠨ ᠰᠤᠬᠠᠢᠢᠲᠤ ᠴᠢᠭᠯᠡᠯ ᠤᠨ 410 ᠺᠢᠯᠤᠮᠧᠲ᠋ᠷ ᠲᠡᠮᠦᠷ ᠵᠠᠮ ᠤᠨ ᠴᠠᠷᠢᠭ ᠨᠢ ᠪᠦᠳᠦᠭᠦᠨ ᠪᠠᠢᠢᠬᠤ ᠠᠵᠠᠢ ᠃ ᠬᠠᠷᠢᠨ ᠬᠢᠲᠠᠳ ᠤᠨ ᠲᠠᠯ᠎ᠠ ᠲᠠᠢ ᠠᠯᠢ ᠪᠦᠰᠡ ᠪᠡᠷ ᠲᠡᠮᠦᠷ ᠵᠠᠮ ᠵᠢᠨᠨ ᠬᠤᠯᠪᠤᠬᠤ ᠪᠠᠨ ᠨᠠᠷᠢᠨ ᠲᠤᠬᠢᠷᠠᠵᠤ ᠂ ᠣᠢᠢᠯᠠᠭᠠᠯᠴᠠᠯ ᠳ᠋ᠤ ᠬᠦᠷᠦᠭᠰᠡᠨ ᠪᠠᠢᠢᠨ᠎ᠠ ᠃ ᠲᠤᠳᠤᠷᠠᠭᠤᠯᠪᠠᠯ ᠂ 703 ᠳ᠋ᠤᠭᠠᠷ ᠬᠢᠯᠢ ᠵᠢᠨ ᠲᠡᠮᠳᠡᠭᠲᠦ ᠪᠡᠷ ᠬᠢᠲᠠᠳ ᠤᠨ ᠲᠡᠮᠦᠷ ᠵᠠᠮ ᠲᠠᠢ  ᠤᠭᠲᠤᠯᠤᠯᠴᠠᠬᠤ ᠪᠠᠷ ᠪᠣᠯᠤᠬᠰᠠᠨ ᠪᠠᠢᠢᠨ᠎ᠠ ᠃ ᠬᠤᠶᠠᠷ ᠲᠠᠯ᠎ᠠ ᠬᠠᠷᠢᠯᠴᠠᠨ ᠵᠥᠪᠰᠢᠯᠴᠡᠵᠦ ᠳᠡᠭᠡᠷᠡᠬᠢ ᠴᠡᠭ ᠊ᠢ ᠡᠴᠦᠰᠯᠡᠨ ᠰᠤᠩᠭᠤᠬᠰᠠᠨ ᠲᠠᠯ᠎ᠠ ᠪᠡᠷ ᠠᠭᠤᠯᠠ ᠠᠭᠤᠷᠬᠠᠢ ᠵᠢᠨ ᠶᠠᠮᠤᠨ ᠪ ᠠᠯᠪᠠᠨ ᠬᠥᠮᠦᠰ ᠰᠡᠳᠬᠦᠯᠴᠢᠳ ᠲᠦ ᠮᠡᠳᠡᠭᠡᠯᠡᠭᠰᠡᠨ ᠶᠤᠮ ᠃

ᠰᠡᠳᠬᠢᠭᠳᠡᠯ ᠦᠯᠡᠳᠡᠭᠡᠬᠦ